《ᠲᠡᠮᠦᠷ ᠬᠦᠮᠦᠨ》 ᠍ ᠢ ᠳᠠᠬᠢᠨ ᠪᠣᠰᠬᠠᠯ᠎ᠠ | News.MN

《ᠲᠡᠮᠦᠷ ᠬᠦᠮᠦᠨ》 ᠍ ᠢ ᠳᠠᠬᠢᠨ ᠪᠣᠰᠬᠠᠯ᠎ᠠ

︽ᠳᠠᠷᠬᠠᠨ ᠤ ᠲᠡᠮᠦᠷᠯᠢᠭ ᠦᠨ ᠦᠢᠯᠡᠳᠪᠦᠷᠢ︾ᠺᠣᠮᠫᠠᠨᠢ ᠦᠨ 15 ᠵᠢᠯ ᠦᠨ ᠣᠢ ᠶᠢᠨ ᠬᠦᠷᠢᠶᠡᠨ ᠳᠦ 2008 ᠣᠨ ᠳᠤ ᠭᠠᠩ  ᠬᠠᠢᠯᠤᠭᠴᠢ ᠶᠢ ᠪᠡᠯᠭᠡᠳᠡᠨ ᠳᠦᠷᠰᠦᠯᠡᠨ ᠪᠣᠰᠬᠠᠵᠤ ᠪᠠᠶᠢᠭᠰᠠᠨ《ᠲᠡᠮᠦᠷ ᠬᠦᠮᠦᠨ》 ᠢ 2019 ᠣᠨ ᠳᠤ ᠪᠠᠭᠤᠯᠭᠠᠵᠤ ᠪᠠᠶᠢᠭᠰᠠᠨ᠃ ᠲᠡᠭᠡᠪᠡᠯ ᠤᠭ ᠲᠡᠮᠦᠷ ᠬᠦᠮᠦᠨ ᠢ ᠰᠡᠷᠭᠦᠭᠡᠨ ᠵᠠᠰᠠᠪᠤᠷᠢᠯᠠᠵᠤ ᠳᠠᠬᠢᠨ ᠪᠠᠶᠢᠷᠢᠯᠠᠭᠤᠯᠤᠯ᠎ᠠ᠃ ᠡᠨᠡ ᠵᠢᠯ ᠳᠠᠷᠬᠠᠨ ᠤ ᠲᠡᠮᠦᠷᠯᠢᠭ ᠦᠨ ᠦᠢᠯᠡᠳᠪᠦᠷᠢ  ᠶᠢᠨ 30 ᠵᠢᠯ ᠦᠨ ᠣᠢ ᠲᠣᠬᠢᠶᠠᠵᠤ ᠪᠤᠢ ᠲᠤᠯᠠ ᠲᠡᠮᠦᠷ ᠬᠦᠮᠦᠨ ᠦ ᠣᠷᠴᠢᠮ ᠤᠨ 1.8 ᠭᠠ ᠲᠠᠯᠠᠪᠠᠢ ᠶᠢ ᠮᠠᠰᠢᠨ ᠲᠡᠷᠭᠡᠨ ᠦ ᠵᠣᠭᠰᠣᠭᠠᠯ᠂ ᠨᠣᠭᠣᠭᠠᠨ ᠲᠥᠭᠡᠯ ᠲᠠᠢ᠂ ᠢᠷᠭᠡᠳ ᠦᠨ ᠠᠶ᠎ᠠ ᠲᠤᠬ᠎ᠠ ᠲᠠᠢ ᠠᠮᠠᠷᠠᠵᠤ ᠲᠤᠬᠠᠯᠠᠬᠤ ᠣᠷᠴᠢᠨ  ᠪᠤᠯᠭᠠᠬᠤ  ᠠᠵᠢᠯ 80 ᠭᠠᠷᠤᠢ ᠬᠤᠪᠢ ᠲᠠᠢ ᠦᠷᠭᠦᠯᠵᠢᠯᠡᠵᠦ ᠪᠠᠶᠢᠭ᠎ᠠ ᠪᠥᠭᠡᠳ ᠡᠨᠡ ᠰᠠᠷ᠎ᠠ ᠶᠢᠨ 30  ᠳᠤ ᠳᠠᠭᠤᠰᠬᠠᠬᠤ ᠪᠠᠷ ᠲᠥᠯᠥᠪᠯᠡᠵᠡᠢ᠃

《ᠲᠡᠮᠦᠷ ᠬᠦᠮᠦᠨ》 ᠦ ᠦᠨᠳᠦᠰᠦᠨ ᠪᠡᠯᠭᠡᠳᠡᠯ ᠨᠢ ᠭᠠᠩ  ᠬᠠᠢᠯᠤᠭᠴᠢ ᠶᠢ ᠳᠦᠷᠰᠦᠯᠡᠭᠰᠡᠨ ᠪᠥᠭᠡᠳ ᠦᠢᠯᠡᠳᠪᠦᠷᠢ ᠶᠢᠨ ᠭᠣᠣᠯ ᠪᠦᠲᠦᠭᠡᠭᠳᠡᠬᠦᠨ ᠪᠣᠯᠬᠤ ᠠᠷᠮᠠᠲ᠋ᠤᠷ ᠢᠶᠠᠷ ᠦᠨᠳᠦᠰᠦᠨ ᠶᠡᠬᠡ ᠪᠡᠶ᠎ᠡ ᠶᠢ᠂ ᠲᠡᠮᠦᠷ ᠦᠨ ᠬᠥᠳᠡᠷ ᠢᠶᠡᠷ ᠰᠠᠭᠤᠷᠢ ᠶᠢ᠂ ᠦᠨᠳᠦᠰᠦᠨ ᠲᠦᠭᠦᠬᠡᠢ ᠡᠳ᠋ ᠪᠣᠯᠬᠤ ᠬᠠᠶᠠᠭᠳᠠᠯ ᠲᠡᠮᠦᠷ ᠲᠦ ᠢᠷᠡᠭᠰᠡᠨ ᠲᠥᠷᠥᠯ ᠪᠦᠷᠢ ᠶᠢᠨ ᠡᠳ᠋ ᠵᠦᠢᠯᠡᠰ ᠢᠶᠡᠷ ᠴᠢᠮᠡᠭᠯᠡᠭᠰᠡᠨ ᠨᠢ ᠳᠠᠷᠬᠠᠨ ᠤ ᠬᠢᠨ ᠤ ᠲᠡᠳᠦᠢ ᠦᠭᠡᠢ ᠵᠣᠷᠢᠨ ᠢᠷᠡᠵᠦ ᠪᠤᠢ ᠵᠣᠴᠢᠳ ᠤᠨ ᠰᠣᠨᠢᠷᠬᠠᠯ ᠢ ᠶᠡᠬᠡᠳᠡ ᠲᠠᠲᠠᠳᠠᠭ ᠪᠢᠯᠡ᠃

ᠰᠡᠳᠬᠢᠭᠳᠡᠯ ᠦᠯᠡᠳᠡᠭᠡᠬᠦ