ᠢᠨᠹᠯᠢᠶᠠᠼ ᠤᠨ ᠲᠦᠪᠰᠢᠨ 5 ᠳ᠋ᠤᠭᠠᠷ ᠰᠠᠷ᠎ᠠ ᠳᠤ 11.3 ᠬᠤᠪᠢ ᠲᠠᠢ ᠭᠠᠷᠴᠤ᠂ ᠬᠡᠷᠡᠭᠯᠡᠭᠡᠨ ᠦ ᠪᠠᠷᠠᠭ᠎ᠠ᠂ ᠦᠢᠯᠡᠴᠢᠯᠡᠭᠡᠨ ᠦ ᠦᠨ᠎ᠡ ᠤᠯᠤᠰ ᠤᠨ ᠬᠡᠮᠵᠢᠶᠡᠨ ᠳᠦ ᠡᠮᠦᠨᠡᠬᠢ ᠣᠨ ᠤ ᠮᠥᠨ ᠦᠶ᠎ᠡ ᠡᠴᠡ 11.3 ᠬᠤᠪᠢ᠂ ᠡᠮᠦᠨᠡᠬᠢ ᠣᠨ ᠤ ᠡᠴᠦᠰ ᠡᠴᠡ 6.1 ᠬᠤᠪᠢ᠂ ᠡᠮᠦᠨᠡᠬᠢ ᠰᠠᠷ᠎ᠠ ᠠᠴᠠ 1.3 ᠬᠤᠪᠢ ᠪᠠᠷ ᠥᠰᠦᠭᠰᠡᠨ ᠪᠠᠶᠢᠨ᠎ᠠ᠃
ᠡᠭᠦᠨ ᠳᠤ᠄ ᠬᠦᠨᠡᠰᠦᠨ ᠦ ᠪᠠᠷᠠᠭ᠎ᠠ᠂ ᠤᠮᠳᠠᠭ᠎ᠠ᠂ ᠤᠰᠤᠨ ᠤ ᠪᠦᠯᠦᠭ ᠦᠨ ᠦᠨ᠎ᠡ 18.4 ᠬᠤᠪᠢ᠂ ᠰᠤᠭᠳᠤᠭᠤᠷᠠᠭᠤᠯᠬᠤ ᠤᠮᠳᠠᠭ᠎ᠠ᠂ ᠲᠠᠮᠠᠬᠢᠨ ᠤ ᠪᠦᠯᠦᠭ ᠦᠨ ᠦᠨ᠎ᠡ7.8 ᠬᠤᠪᠢ᠂ ᠬᠤᠪᠴᠠᠰᠤ᠂ ᠪᠥᠰ ᠪᠠᠷᠠᠭ᠎ᠠ᠂ ᠭᠤᠲᠤᠯ ᠤᠨ ᠪᠦᠯᠦᠭ ᠦᠨ ᠦᠨ᠎ᠡ 12.5 ᠬᠤᠪᠢ᠂ ᠣᠷᠣᠨ ᠰᠠᠭᠤᠴᠠ᠂ ᠤᠰᠤ᠂ ᠴᠠᠬᠢᠯᠭᠠᠨ᠂ ᠬᠡᠢ ᠶᠢᠨ ᠪᠣᠯᠤᠨ ᠪᠤᠰᠤᠳ ᠲᠦᠯᠡᠰᠢᠨ ᠦ ᠪᠦᠯᠦᠭ ᠦᠨ ᠦᠨ᠎ᠡ 6.9 ᠬᠤᠪᠢ᠂ ᠭᠡᠷ ᠠᠬᠤᠢ ᠶᠢᠨ ᠲᠠᠪᠢᠯᠭ᠎ᠠ᠂ ᠭᠡᠷ ᠠᠬᠤᠢ ᠶᠢᠨ ᠪᠠᠷᠠᠭᠠᠨ ᠤ ᠪᠦᠯᠦᠭ ᠦᠨ ᠦᠨ᠎ᠡ 11.8 ᠬᠤᠪᠢ᠂ ᠡᠮ ᠲᠠᠷᠢᠶ᠎ᠠ᠂ ᠡᠮᠨᠡᠯᠭᠡ ᠶᠢᠨ ᠦᠢᠯᠡᠴᠢᠯᠡᠭᠡᠨ ᠦ ᠪᠦᠯᠦᠭ ᠦᠨ ᠦᠨ᠎ᠡ 6.6 ᠬᠤᠪᠢ᠂ ᠲᠡᠭᠡᠭᠡᠪᠦᠷᠢ ᠶᠢᠨ ᠪᠦᠯᠦᠭ ᠦᠨ ᠦᠨ᠎ᠡ 3.0 ᠬᠤᠪᠢ᠂ ᠵᠣᠴᠢᠳ ᠪᠠᠭᠤᠳᠠᠯ᠂ ᠨᠡᠶᠢᠲᠡ ᠶᠢᠨ ᠬᠣᠭᠣᠯᠠ᠂ ᠳᠣᠲᠣᠭᠤᠷ ᠪᠠᠶᠢᠷᠢᠨ ᠤ ᠦᠢᠯᠡᠴᠢᠯᠡᠭᠡᠨ ᠦ ᠪᠦᠯᠦᠭ ᠦᠨ ᠦᠨ᠎ᠡ 19.8 ᠬᠤᠪᠢ ᠪᠠᠷ ᠲᠤᠰ ᠲᠤᠰ ᠥᠰᠦᠭᠰᠡᠨ ᠨᠢ ᠭᠣᠣᠯᠯᠠᠨ ᠨᠥᠯᠦᠭᠡᠯᠡᠵᠡᠢ᠃