ᠶᠡᠷᠦᠩᠬᠡᠢ ᠰᠠᠶᠢᠳ ᠢᠯᠤᠨ ᠮᠠᠰᠺ ᠲᠠᠢ ᠶᠠᠷᠢᠯᠴᠠᠯ᠎ᠠ | News.MN

ᠶᠡᠷᠦᠩᠬᠡᠢ ᠰᠠᠶᠢᠳ ᠢᠯᠤᠨ ᠮᠠᠰᠺ ᠲᠠᠢ ᠶᠠᠷᠢᠯᠴᠠᠯ᠎ᠠ

ᠮᠣᠩᠭᠣᠯ ᠤᠯᠤᠰ ᠤᠨ ᠶᠡᠷᠦᠩᠬᠡᠢ ᠰᠠᠶᠢᠳ ᠯ ∙ᠤᠶᠤᠡᠡᠷᠳᠡᠨᠢ ᠥᠨᠥᠳᠥᠷ ᠠᠮᠧᠷᠢᠺᠠ ᠶᠢᠨ《Tesla》᠂《SpaceX》 ᠺᠣᠮᠫᠠᠨᠢ ᠶᠢᠨ ᠭᠦᠢᠴᠡᠳᠭᠡᠬᠦ ᠵᠠᠬᠢᠷᠤᠯ᠂ 《Twitter》 ᠺᠣᠮᠫᠠᠨᠢ ᠶᠢᠨ ᠲᠧᠭᠨᠣᠯᠣᠭᠢ ᠬᠠᠷᠢᠭᠤᠴᠠᠭᠰᠠᠨ ᠵᠠᠬᠢᠷᠤᠯ ᠢᠯᠤᠨ ᠮᠠᠰᠺ ᠲᠠᠢ ᠴᠠᠬᠢᠮ ᠢᠶᠠᠷ ᠠᠭᠤᠯᠵᠠᠵᠤ᠂ ᠬᠠᠮᠲᠤ ᠶᠢᠨ ᠠᠵᠢᠯᠯᠠᠭᠠᠨ ᠤ ᠲᠠᠯ᠎ᠠ ᠪᠠᠷ ᠰᠠᠨᠠᠯ ᠰᠣᠯᠢᠯᠴᠠᠯ᠎ᠠ᠃
ᠠᠭᠤᠯᠵᠠᠯᠲᠠ ᠶᠢᠨ ᠦᠶ᠎ᠡ ᠪᠡᠷ ᠶᠡᠷᠦᠩᠬᠡᠢ ᠰᠠᠶᠢᠳ《Tesla》ᠺᠣᠮᠫᠠᠨᠢ ᠶᠢᠨ ᠰᠠᠯᠪᠤᠷᠢ ᠶᠢ ᠮᠣᠩᠭᠣᠯ ᠤᠯᠤᠰ ᠲᠤ ᠪᠠᠶᠢᠭᠤᠯᠪᠠᠯ ᠲᠠᠲᠠᠪᠤᠷᠢ ᠪᠣᠯᠤᠨ ᠡᠷᠬᠡ ᠵᠦᠢ ᠶᠢᠨ ᠣᠷᠴᠢᠨ ᠢᠶᠠᠷ ᠳᠡᠮᠵᠢᠬᠦ ᠪᠡᠨ  ᠢᠯᠡᠷᠬᠡᠢᠯᠡᠵᠦ᠂《Tesla》ᠺᠣᠮᠫᠠᠨᠢ ᠶᠢᠨ ᠪᠦᠲᠦᠭᠡᠭᠳᠡᠬᠦᠨ ᠦ ᠭᠣᠣᠯ ᠲᠦᠭᠦᠬᠡᠢ ᠡᠳ᠋ ᠪᠣᠯᠬᠤ ᠵᠡᠰ ᠪᠣᠯᠤᠨ ᠭᠠᠵᠠᠷ ᠤᠨ ᠬᠣᠪᠣᠷ ᠡᠯᠧᠮᠧᠨᠲ ᠢ ᠬᠠᠮᠲᠤᠷᠠᠵᠤ ᠠᠰᠢᠭᠯᠠᠬᠤ ᠰᠤᠳᠤᠯᠭᠠᠨ ᠤ ᠠᠵᠢᠯ ᠢ ᠡᠬᠢᠯᠡᠭᠦᠯᠬᠦ᠂ ᠠᠭᠤᠯᠠ ᠠᠭᠤᠷᠬᠠᠢ ᠶᠢᠨ ᠲᠣᠮᠣ ᠣᠪᠣᠷ ᠤᠨ ᠠᠦ᠋ᠲ᠋ᠣ᠋ ᠮᠠᠰᠢᠨ ᠢ ᠴᠠᠬᠢᠯᠭᠠᠨ ᠬᠥᠳᠡᠯᠭᠡᠭᠦᠷ ᠲᠡᠢ ᠪᠣᠯᠭᠠᠬᠤ ᠳᠤ ᠳᠡᠮᠵᠢᠯᠭᠡ ᠦᠵᠡᠭᠦᠯᠬᠦ᠂ ᠮᠣᠩᠭᠣᠯ ᠤᠯᠤᠰ ᠤᠨ ᠰᠢᠯᠢᠳᠡᠭ IT ᠢᠨᠵᠧᠨᠧᠷ ᠦᠳ ᠢ ᠰᠤᠷᠭᠠᠬᠤ ᠲᠡᠳᠬᠦᠯᠭᠡᠳᠦ ᠬᠥᠲᠥᠯᠪᠦᠷᠢ ᠰᠠᠨᠠᠭᠠᠴᠢᠯᠠᠬᠤ ᠶᠢ ᠢᠯᠤᠨ ᠮᠠᠰᠺ ᠠᠴᠠ ᠬᠦᠰᠡᠯ᠎ᠡ᠃
ᠢᠯᠤᠨ ᠮᠠᠰᠺ ᠮᠣᠩᠭᠣᠯ ᠤᠯᠤᠰ ᠤᠨ ᠶᠡᠷᠦᠩᠬᠡᠢ ᠰᠠᠶᠢᠳ ᠲᠠᠢ ᠴᠠᠬᠢᠮ ᠢᠶᠠᠷ ᠠᠩᠬ᠎ᠠ ᠤᠳᠠᠭ᠎ᠠ ᠠᠭᠤᠯᠵᠠᠵᠤ ᠪᠤᠢ ᠳᠤ ᠲᠠᠯᠠᠷᠬᠠᠯ ᠢᠯᠡᠷᠬᠡᠶᠢᠯᠡᠭᠡᠳ ᠪᠠᠶᠠᠯᠢᠭ ᠲᠡᠦᠬᠡ ᠲᠡᠢ ᠮᠣᠩᠭᠣᠯ ᠣᠷᠣᠨ ᠢ ᠰᠣᠨᠢᠷᠬᠠᠳᠠᠭ᠂ ᠪᠣᠯᠤᠮᠵᠢ ᠲᠠᠢ ᠴᠠᠭ ᠲᠤ ᠪᠠᠨ ᠮᠣᠩᠭᠣᠯ ᠳᠤ ᠵᠣᠴᠢᠯᠠᠨ᠎ᠠ᠃ ᠮᠣᠩᠭᠣᠯ ᠳᠤ ᠴᠠᠬᠢᠯᠭᠠᠨ ᠠᠦ᠋ᠲ᠋ᠣ᠋ ᠮᠠᠰᠢᠨ ᠤ ᠬᠡᠷᠡᠭᠯᠡᠭᠡ ᠶᠢ ᠨᠡᠮᠡᠭᠳᠡᠭᠦᠯᠵᠦ᠂ ᠬᠠᠮᠲᠤᠷᠠᠵᠤ ᠠᠵᠢᠯᠯᠠᠬᠤ ᠳᠤ ᠪᠠᠨ ᠲᠠᠭᠠᠲᠠᠢ ᠪᠠᠶᠢᠬᠤ ᠪᠣᠯᠤᠨ᠎ᠠ ᠭᠡᠯ᠎ᠡ᠃

ᠰᠡᠳᠬᠢᠭᠳᠡᠯ ᠦᠯᠡᠳᠡᠭᠡᠬᠦ