《The Hu》ᠬᠠᠮᠲᠤᠯᠢᠭ ᠥᠨᠥᠳᠥᠷ ᠠᠦᠢᠰᠲᠷᠢ ᠤᠯᠤᠰ ᠤᠨ Nova ᠷᠣᠺ ᠹᠧᠰᠲ᠋ᠢᠸᠠᠯ ᠳᠤ ᠲᠣᠭᠯᠠᠨ᠎ᠠ᠃ ᠲᠡᠳᠡ ᠵᠢᠷᠭᠤᠳᠤᠭᠠᠷ ᠰᠠᠷ᠎ᠠ ᠶᠢᠨ ᠨᠢᠭᠡᠨ ᠳᠦ《Power expo ᠊ Fest》ᠨᠠᠭᠠᠳᠤᠮ ᠤᠨ ᠲᠠᠶᠢᠰᠠᠨ᠎ᠠ ᠲᠤᠭᠯᠠᠵᠤ᠂ ᠵᠢᠷᠭᠤᠳᠤᠭᠠᠷ ᠰᠠᠷ᠎ᠠ ᠶᠢᠨ 3 ᠳᠦ ᠨᠤᠲᠤᠭ ᠠᠴᠠ ᠪᠠᠨ ᠭᠠᠷᠴᠤ᠂ ᠤᠷᠠᠨ ᠪᠦᠲᠦᠭᠡᠯ ᠦᠨ ᠠᠶᠠᠯᠠᠯ ᠢᠶᠠᠨ ᠡᠬᠢᠯᠡᠭᠦᠯᠦᠭᠰᠡᠨ ᠪᠠᠶᠢᠨ᠎ᠠ᠃ ᠬᠠᠮᠲᠤᠯᠢᠭ ᠤᠨ ᠵᠠᠯᠠᠭᠤᠰ ᠵᠢᠷᠭᠤᠳᠤᠭᠠᠷ ᠰᠠᠷ᠎ᠠ ᠶᠢᠨ 17 ᠳᠦ ᠬᠦᠨᠳᠦ ᠮᠧᠲ᠋ᠠᠯ ᠷᠣᠺ ᠬᠥᠭᠵᠢᠮ ᠦᠨ《Hellfest》ᠹᠧᠰᠲ᠋ᠢᠸᠠᠯ ᠳᠤ ᠤᠷᠤᠯᠴᠠᠬᠤ ᠶᠤᠮ᠃
《The Hu》ᠬᠠᠮᠲᠤᠯᠢᠭ ᠤᠨ ᠬᠢᠨ《Rumble of Thunder》ᠨᠡᠷ᠎ᠡ ᠲᠡᠢ ᠬᠤᠶᠠᠳᠠᠬᠢ ᠴᠣᠮᠣᠭ ᠢᠶᠠᠨ ᠬᠤᠳᠠᠯᠳᠤᠭᠠᠨ ᠳᠤ ᠭᠠᠷᠭᠠᠭᠠᠳ ᠪᠤᠢ᠃ ᠰᠢᠨ᠎ᠡ ᠴᠣᠮᠣᠭ ᠲᠤ《ᠤᠴᠢᠷ ᠲᠠᠢ ᠭᠤᠷᠪᠠ》᠂《ᠰᠢᠭᠢᠬᠤᠲᠤᠭ》᠂《ᠲᠠᠲ᠋ᠠᠷ ᠳᠠᠶᠢᠴᠢᠨ》᠂ 《ᠬᠠᠷ᠎ᠠ ᠠᠶᠤᠩᠭ᠎ᠠ》᠂《ᠪᠠᠶᠢᠭᠠᠯᠢ ᠡᠬᠡ》ᠭᠡᠬᠦ ᠮᠡᠲᠦ ᠨᠡᠶᠢᠲᠡ 13 ᠳᠠᠭᠤᠤ ᠪᠠᠭᠲᠠᠵᠠᠢ᠃