ᠡᠳ᠋  ᠦᠨ ᠵᠠᠰᠠᠭ ᠥᠰᠴᠦ ᠲᠠᠬᠤᠯ ᠤᠨ ᠡᠮᠦᠨᠡᠬᠢ ᠦᠶ᠎ᠡ ᠳᠦ ᠬᠦᠷᠦᠯ᠎ᠡ | News.MN

ᠡᠳ᠋  ᠦᠨ ᠵᠠᠰᠠᠭ ᠥᠰᠴᠦ ᠲᠠᠬᠤᠯ ᠤᠨ ᠡᠮᠦᠨᠡᠬᠢ ᠦᠶ᠎ᠡ ᠳᠦ ᠬᠦᠷᠦᠯ᠎ᠡ

ᠵᠠᠰᠠᠭ ᠤᠨ ᠭᠠᠵᠠᠷ ᠤᠨ ᠡᠭᠡᠯᠵᠢᠲᠦ ᠬᠤᠷᠠᠯᠳᠤᠭᠠᠨ ᠠᠴᠠ ᠭᠠᠷᠭᠠᠭᠰᠠᠨ ᠰᠢᠢᠳᠪᠦᠷᠢ ᠶᠢ ᠲᠠᠨᠢᠯᠴᠠᠭᠤᠯᠵᠤ ᠪᠠᠶᠢᠨ᠎ᠠ᠃ ᠮᠥᠨ ᠦᠶ᠎ᠡ ᠪᠡᠷ ᠡᠳ᠋  ᠦᠨ ᠵᠠᠰᠠᠭ ᠬᠥᠭᠵᠢᠯ ᠦᠨ ᠰᠠᠶᠢᠳ ᠴ ∙ᠬᠦᠷᠡᠯᠪᠠᠭᠠᠲᠤᠷ ᠮᠣᠩᠭᠣᠯ ᠤᠯᠤᠰ ᠤᠨ ᠡᠳ᠋  ᠦᠨ ᠵᠠᠰᠠᠭ ᠤᠨ ᠨᠥᠬᠥᠴᠡᠯ ᠪᠠᠶᠢᠳᠠᠯ ᠪᠣᠯᠤᠨ ᠰᠢᠨ᠎ᠡ ᠰᠡᠷᠭᠦᠯᠲᠡ ᠶᠢᠨ ᠪᠣᠳᠣᠯᠭ᠎ᠠ ᠶᠢᠨ ᠬᠦᠷᠢᠶᠡᠨ ᠳᠦ ᠬᠢᠭᠳᠡᠵᠦ ᠪᠤᠢ ᠲᠥᠰᠥᠯ ᠠᠷᠭ᠎ᠠ ᠬᠡᠮᠵᠢᠶᠡᠨ ᠦ ᠲᠠᠯ᠎ᠠ ᠪᠠᠷ ᠮᠡᠳᠡᠭᠡᠯᠡᠯ ᠥᠭᠭᠦᠯ᠎ᠡ᠃
ᠲᠡᠷᠡ᠄ ᠮᠣᠩᠭᠣᠯ ᠤᠯᠤᠰ ᠤᠨ ᠡᠳ᠋  ᠦᠨ ᠵᠠᠰᠠᠭ ᠡᠨᠡ ᠣᠨ ᠤ ᠨᠢᠭᠡᠳᠦᠭᠡᠷ ᠤᠯᠠᠷᠢᠯ ᠳᠤ 7.9 ᠬᠤᠪᠢ ᠪᠠᠷ ᠥᠰᠦᠭᠰᠡᠨ ᠪᠠᠶᠢᠨ᠎ᠠ᠃  ᠸᠠᠯᠢᠶᠤᠲ ᠤᠨ ᠨᠥᠭᠡᠴᠡ ᠲᠣᠭᠲᠠᠪᠤᠷᠢᠲᠠᠢ ᠥᠰᠴᠦ ᠪᠠᠶᠢᠨ᠎ᠠ᠃ ᠡᠺᠰᠫᠣᠷᠲ ᠲᠠᠰᠤᠷᠠᠯᠲᠠ ᠦᠭᠡᠢ ᠨᠡᠮᠡᠭᠳᠡᠵᠦ ᠪᠠᠶᠢᠨ᠎ᠠ᠃ ᠨᠡᠭᠦᠷᠡᠰᠦ ᠣᠯᠪᠤᠷᠢᠯᠠᠯᠲᠠ ᠶᠢᠨ ᠬᠡᠮᠵᠢᠶ᠎ᠡ 3.3 ᠳᠠᠬᠢᠨ ᠥᠰᠦᠭᠰᠡᠨ᠃ ᠤᠭ᠍ᠶᠤᠲᠤᠯᠤᠭᠠᠢ ᠲᠥᠯᠥᠪᠯᠡᠵᠦ ᠪᠠᠢᠭᠰᠠᠨ ᠠᠴᠠ 43 ᠬᠤᠪᠢ ᠪᠠᠷ ᠢᠯᠡᠭᠦᠦ ᠦᠢᠯᠡᠴᠢᠳᠪᠦᠷᠢᠯᠡᠯ ᠬᠢᠵᠦ ᠪᠠᠶᠢᠨ᠎ᠠ᠃

ᠣᠳᠣ ᠶᠢᠨ ᠪᠠᠶᠢᠳᠠᠯ ᠢᠶᠠᠷ ᠨᠡᠶᠢᠲᠡ ᠭᠤᠷᠪᠠᠨ ᠰᠠᠯᠪᠤᠷᠢ ᠠᠴᠠ ᠪᠤᠰᠤᠳ ᠨᠢ ᠲᠠᠬᠤᠯ ᠤᠨ ᠡᠮᠦᠨᠡᠬᠢ ᠦᠶ᠎ᠡ ᠶᠢᠨ ᠬᠡᠮᠵᠢᠶᠡᠨ ᠳᠦ ᠣᠴᠢᠭᠰᠠᠨ ᠪᠠᠶᠢᠨ᠎ᠠ᠃ ᠲᠤᠰ ᠭᠤᠷᠪᠠᠨ ᠰᠠᠯᠪᠤᠷᠢ ᠪᠣᠯ ᠠᠭᠤᠯᠠ ᠠᠭᠤᠷᠬᠠᠢ᠂ ᠲᠡᠭᠡᠭᠡᠪᠦᠷᠢ᠂ ᠪᠠᠷᠢᠯᠭ᠎ᠠ ᠪᠠᠶᠢᠨ᠎ᠠ᠃ ᠭᠡᠬᠦ ᠳᠦ ᠪᠡᠨ ᠣᠶᠢᠷ᠎ᠠ ᠶᠢᠨ ᠬᠤᠭᠤᠴᠠᠭᠠᠨ ᠳᠤ ᠬᠥᠯ ᠬᠣᠷᠢᠭᠠᠨ ᠤ ᠡᠮᠦᠨᠡᠬᠢ ᠦᠶ᠎ᠡ ᠶᠢᠨ ᠲᠡᠢ ᠢᠵᠢᠯ ᠪᠣᠯᠤᠨ᠎ᠠ ᠭᠡᠵᠦ ᠪᠣᠳᠣᠵᠤ ᠪᠠᠶᠢᠨ᠎ᠠ ᠭᠡᠯ᠎ᠡ᠃

ᠰᠡᠳᠬᠢᠭᠳᠡᠯ ᠦᠯᠡᠳᠡᠭᠡᠬᠦ