ᠳᠤᠭᠤᠶᠢᠴᠢᠳ ᠣᠯᠢᠮᠫ ᠤᠨ ᠡᠷᠬᠡ ᠶᠢᠨ ᠲᠥᠯᠥᠭᠡ ᠤᠷᠤᠯᠳᠤᠨ᠎ᠠ | News.MN

ᠳᠤᠭᠤᠶᠢᠴᠢᠳ ᠣᠯᠢᠮᠫ ᠤᠨ ᠡᠷᠬᠡ ᠶᠢᠨ ᠲᠥᠯᠥᠭᠡ ᠤᠷᠤᠯᠳᠤᠨ᠎ᠠ

ᠵᠠᠰᠠᠮᠠᠯ ᠵᠠᠮ ᠤᠨ ᠳᠤᠭᠤᠢ ᠶᠢᠨ 2023 ᠣᠨ ᠤ ᠠᠽᠢᠶ᠎ᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠵᠢᠷᠭᠤᠳᠤᠭᠠᠷ ᠰᠠᠷ᠎ᠠ ᠶᠢᠨ 7-13  ᠤ ᠡᠳᠦᠷ ᠦᠳ ᠲᠦ ᠲᠠᠢᠯᠠᠨᠳ᠋  ᠲᠤ ᠪᠣᠯᠤᠨ᠎ᠠ᠃ ᠨᠠᠰᠤᠨ ᠳᠤ ᠬᠦᠷᠦᠭᠰᠡᠳ ᠦᠨ ᠠᠩᠭᠢᠯᠠᠯ ᠳᠤ ᠠᠯᠲᠠ᠂ ᠮᠥᠩᠭᠥᠨ ᠮᠧᠳᠠᠯ ᠬᠦᠷᠲᠡᠭᠰᠡᠨ ᠲᠠᠮᠢᠷᠴᠢᠳ ᠫᠠᠷᠢᠰ ᠤᠨ ᠣᠯᠢᠮᠫ ᠤᠨ ᠡᠷᠬᠡ ᠪᠡᠨ ᠰᠢᠭᠤᠳ ᠠᠪᠬᠤ ᠡᠨᠡ ᠬᠦ ᠲᠡᠮᠡᠴᠡᠭᠡᠨ ᠳᠦ ᠣᠷᠣᠯᠴᠠᠬᠤ ᠪᠠᠷ 42 ᠤᠯᠤᠰ ᠨᠡᠷ᠎ᠡ ᠮᠡᠳᠡᠭᠦᠯᠵᠡᠢ ᠃
ᠮᠠᠨ ᠤ ᠤᠯᠤᠰ ᠲᠤᠰ ᠲᠡᠮᠡᠴᠡᠭᠡᠨ ᠳᠦ ᠡᠷᠡᠭᠲᠡᠶᠢᠴᠦᠳ ᠦᠨ ᠧᠯᠢᠲ ᠠᠩᠭᠢᠯᠠᠯ ᠳᠤ ᠰ∙ᠵᠠᠮᠪᠠᠯᠵᠠᠮᠰᠤ᠂ ᠪ ∙ᠲᠡᠭᠰᠢᠪᠠᠶᠠᠷ᠂ ᠪ∙ᠮᠠᠷᠠᠯ-ᠡᠷᠳᠡᠨᠢ᠂ ᠡ᠊∙ᠪᠣᠯᠣᠷ-ᠡᠷᠳᠡᠨᠢ᠂ ᠡ᠊∙ᠪᠢᠯᠢᠭᠦᠨᠵᠢᠷᠭᠠᠯ ᠨᠠᠷ ᠢ ᠰᠣᠶᠢᠬᠤ ᠪᠠᠷ ᠪᠡᠯᠡᠳᠬᠡᠯ ᠢ ᠨᠢ ᠬᠠᠩᠭᠠᠵᠤ ᠪᠠᠶᠢᠨ᠎ᠠ᠃
ᠳᠤᠭᠤᠶᠢᠴᠢᠳ ᠡᠳᠦᠭᠡ ᠶᠠᠫᠣᠨ᠂ ᠬᠢᠲᠠᠳ ᠲᠤ ᠬᠠᠮᠲᠤᠷᠠᠭᠰᠠᠨ ᠪᠡᠯᠡᠳᠬᠡᠯ ᠬᠢᠵᠦ᠂ ᠣᠯᠠᠨ ᠤᠯᠤᠰ ᠤᠨ ᠲᠡᠮᠡᠴᠡᠭᠡᠨ ᠳᠦ ᠣᠷᠣᠯᠴᠠᠵᠤ ᠪᠠᠶᠢᠭ᠎ᠠ ᠶᠤᠮ᠃ ᠬᠡᠷᠪᠡ ᠲᠡᠳᠡᠨ ᠦ ᠬᠡᠨ ᠨᠢᠭᠡ ᠨᠢ ᠲᠢᠪ ᠲᠦ ᠪᠡᠨ ᠡᠬᠢᠨ ᠦ ᠬᠣᠶᠠᠷ ᠲᠤ ᠬᠤᠷᠳᠤᠯᠠᠵᠤ ᠴᠢᠳᠠᠪᠠᠯ《ᠫᠠᠷᠢᠰ-2024》 ᠣᠯᠢᠮᠫ ᠤᠨ ᠠᠩᠬᠠᠨ ᠤ ᠡᠷᠬᠡ ᠶᠢ ᠠᠪᠬᠤ ᠪᠣᠯᠤᠨ᠎ᠠ᠃

ᠰᠡᠳᠬᠢᠭᠳᠡᠯ ᠦᠯᠡᠳᠡᠭᠡᠬᠦ