ᠠᠽᠢᠶ᠎ᠠ ᠶᠢᠨ ᠹᠢᠽᠢᠺ ᠦᠨ ᠣᠯᠢᠮᠫᠢᠶᠠᠳ᠋  ᠢ ᠠᠮᠵᠢᠯᠲᠠᠲᠠᠢ ᠵᠣᠬᠢᠶᠠᠨ ᠪᠠᠶᠢᠭᠤᠯᠤᠯ᠎ᠠ | News.MN

ᠠᠽᠢᠶ᠎ᠠ ᠶᠢᠨ ᠹᠢᠽᠢᠺ ᠦᠨ ᠣᠯᠢᠮᠫᠢᠶᠠᠳ᠋  ᠢ ᠠᠮᠵᠢᠯᠲᠠᠲᠠᠢ ᠵᠣᠬᠢᠶᠠᠨ ᠪᠠᠶᠢᠭᠤᠯᠤᠯ᠎ᠠ

ᠠᠽᠢᠶ᠎ᠠ ᠶᠢᠨ ᠹᠢᠽᠢᠺ ᠦᠨ 23 ᠳ᠋ᠠᠬᠢ ᠤᠳᠠᠭ᠎ᠠ ᠶᠢᠨ ᠣᠯᠢᠮᠫᠢᠶᠠᠳ᠋ ᠠᠮᠵᠢᠯᠲᠠ ᠲᠠᠢ ᠪᠣᠯᠵᠤ᠂ 05 ᠰᠠᠷ᠎ᠠ ᠶᠢᠨ 28 ᠳᠦ  ᠦᠨᠳᠦᠷᠯᠡᠵᠦ᠂ ᠲᠤᠰᠬᠠᠢ ᠪᠠᠶᠢᠷᠢ ᠶᠢᠨ ᠪᠣᠯᠵᠣᠯ ᠬᠠᠩᠭᠠᠭᠰᠠᠨ 34 ᠰᠤᠷᠤᠭᠴᠢ᠂ ᠬᠦᠷᠡᠯ ᠮᠧᠳᠠᠯ ᠤᠨ ᠪᠣᠯᠵᠣᠯ ᠬᠠᠩᠭᠠᠭᠰᠠᠨ 23 ᠰᠤᠷᠤᠭᠴᠢ᠂ ᠮᠥᠩᠭᠥᠨ ᠮᠧᠳᠠᠯ ᠤᠨ ᠪᠣᠯᠵᠣᠯ ᠬᠠᠩᠭᠠᠭᠰᠠᠨ 17 ᠰᠤᠷᠤᠭᠴᠢ᠂ ᠮᠥᠨ ᠠᠯᠲᠠᠨ ᠮᠧᠳᠠᠯ ᠤᠨ ᠪᠣᠯᠵᠣᠯ ᠬᠠᠩᠭᠠᠭᠰᠠᠨ 33 ᠰᠤᠷᠤᠭᠴᠢ ᠲᠣᠳᠣᠷᠠᠯ᠎ᠠ᠃
ᠣᠯᠢᠮᠫᠢᠶᠠᠳ᠋ ᠤᠨ ᠤᠯᠠᠮᠵᠢᠯᠠᠯ ᠤᠨ ᠳᠠᠭᠠᠤ ᠣᠨᠣᠯ ᠪᠣᠯᠤᠨ ᠲᠤᠷᠰᠢᠯᠲᠠ ᠶᠢᠨ ᠪᠣᠳᠣᠯᠭ᠎ᠠ ᠶᠢᠨ ᠢᠯᠠᠭᠴᠢ ᠶᠢ ᠲᠣᠳᠣᠷᠠᠭᠤᠯᠳᠠᠭ᠃

ᠣᠨᠣᠯ ᠤᠨ ᠪᠣᠳᠣᠯᠭ᠎ᠠ ᠶᠢᠨ ᠢᠯᠠᠭᠴᠢ ᠪᠠᠷ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠦᠨ ᠰᠤᠷᠤᠭᠴᠢ ᠯᠠᠩ ᠴᠧᠩ ᠴᠤᠤ  ᠲᠤᠳᠤᠷᠠᠵᠠᠢ᠃ ᠲᠡᠷᠡ ᠮᠦᠨ ᠦᠨᠡᠮᠯᠡᠬᠦᠢ ᠠᠪᠤᠷᠭᠤ ᠶᠢᠨ ᠴᠤᠯᠠ ᠬᠦᠷᠲᠡᠪᠡ᠃

ᠲᠤᠷᠰᠢᠯᠲᠠ ᠶᠢᠨ ᠪᠣᠳᠣᠯᠭ᠎ᠠ ᠶᠢᠨ ᠢᠯᠠᠭᠴᠢ᠄ ᠣᠷᠣᠰ ᠤᠨ ᠬᠣᠯᠪᠣᠭᠠᠨ ᠤ ᠤᠯᠤᠰ  ᠤᠨ ᠰᠤᠷᠤᠭᠴᠢ ᠢᠭᠤᠷ ᠫᠣᠲ᠋ᠠᠫᠣᠪ

ᠠᠽᠢᠶ᠎ᠠ ᠶᠢᠨ ᠹᠢᠽᠢᠺ ᠦᠨ ᠣᠯᠢᠮᠫᠢᠶᠠᠳ᠋ ᠠᠴᠠ ᠬᠢᠲᠠᠳ᠂ ᠣᠷᠣᠰ ᠤᠨ ᠪᠠᠭ ᠤᠨ ᠪᠦᠬᠦ ᠰᠤᠷᠤᠭᠴᠢ ᠠᠯᠲᠠᠨ ᠮᠧᠳᠠᠯ ᠬᠦᠷᠲᠡᠭᠰᠡᠨ ᠪᠣᠯ ᠬᠠᠮᠤᠭ ᠤᠨ ᠥᠨᠳᠥᠷ ᠪᠤᠶᠤ 33.5 ᠣᠨᠣᠭ᠎ᠠ ᠶᠢ ᠮᠥᠨ ᠬᠢᠲᠠᠳ ᠤᠨ ᠰᠤᠷᠤᠭᠴᠢ ᠠᠪᠤᠭᠰᠠᠨ ᠪᠠᠶᠢᠨ᠎ᠠ᠃ ᠵᠣᠬᠢᠶᠠᠨ ᠪᠠᠶᠢᠭᠤᠯᠤᠭᠴᠢ ᠣᠷᠣᠨ ᠪᠣᠯᠬᠤ ᠮᠣᠩᠭᠣᠯ ᠤᠨ ᠪᠠᠭ ᠠᠴᠠ ᠠᠷᠪᠠᠨ ᠨᠢᠭᠡᠳᠦᠭᠡᠷ ᠰᠤᠷᠭᠠᠭᠤᠯᠢ ᠶᠢᠨ ᠰᠤᠷᠤᠭᠴᠢ ᠯ∙ᠳᠦᠯᠭᠡᠨ ᠬᠦᠷᠡᠯ ᠮᠧᠳᠠᠯ ᠬᠦᠷᠲᠡᠯ᠎ᠡ᠃ ᠮᠣᠩᠭᠣᠯ ᠤᠯᠤᠰ  14 ᠵᠢᠯ ᠦᠨ ᠳᠠᠷᠠᠭ᠎ᠠ ᠳᠠᠬᠢᠨ ᠬᠦᠷᠡᠯ ᠮᠧᠳᠠᠯ ᠬᠦᠷᠲᠡᠵᠦ ᠪᠠᠶᠢᠭ᠎ᠠ ᠨᠢ ᠡᠨᠡ ᠶᠤᠮ᠃

ᠰᠡᠳᠬᠢᠭᠳᠡᠯ ᠦᠯᠡᠳᠡᠭᠡᠬᠦ