ᠪᠢᠴᠢᠬᠠᠨ ᠵᠣᠬᠢᠶᠠᠯᠴᠢ ᠲ ∙ ᠤᠭ᠍ᠶᠤᠰᠤᠳᠤᠷ | News.MN

ᠪᠢᠴᠢᠬᠠᠨ ᠵᠣᠬᠢᠶᠠᠯᠴᠢ ᠲ ∙ ᠤᠭ᠍ᠶᠤᠰᠤᠳᠤᠷ

《ᠡᠷᠪᠡᠬᠡᠢ ᠨᠦᠭᠦᠳ ᠮᠢᠨᠦ ᠳᠠᠱᠢᠨᠵᠠ》ᠨᠣᠮ ᠤᠨ ᠵᠣᠬᠢᠶᠠᠭᠴᠢ︽ᠦᠨᠳᠦᠰᠦᠨ ᠦ ᠨᠣᠮ ᠤᠨ ᠪᠠᠶᠠᠷ︾ᠲᠤ ᠣᠷᠣᠯᠴᠠᠵᠤ᠂ ᠤᠷᠠᠨ ᠪᠦᠲᠦᠭᠡᠯ ᠦᠨ ᠢᠶᠡᠨ ᠳᠡᠭᠡᠵᠢ ᠶᠢ ᠤᠩᠰᠢᠭᠴᠢᠳ ᠲᠤ ᠬᠦᠷᠭᠡᠵᠦ ᠪᠠᠶᠢᠨ᠎ᠠ᠃ ᠲᠡᠭᠦᠨ ᠢ ᠲᠦᠪᠰᠢᠨᠳᠡᠮᠪᠡᠷᠢᠯ ᠦᠨ ᠤᠭ᠍ᠶᠤᠰᠤᠳᠤᠷ ᠭᠡᠳᠡᠭ᠃ ᠲᠡᠷᠡᠪᠡᠷ ᠣᠳᠣ 13 ᠨᠠᠰᠤᠲᠠᠢ᠃  ᠲᠡᠷᠡ ᠰᠢᠯᠦᠭ ᠪᠢᠴᠢᠭᠡᠳ ᠵᠢᠷᠭᠤᠭᠠᠨ ᠵᠢᠯ  ᠪᠤᠯᠵᠤ ᠪᠠᠶᠢᠭ᠎ᠠ ᠭᠡᠨ᠎ᠡ᠃

ᠲ∙ᠤᠭ᠍ᠶᠤᠰᠤᠳᠤᠷ ᠡᠮᠦᠨ᠎ᠡ ᠨᠢ ᠶᠠᠷᠢᠯᠴᠠᠯᠭ᠎ᠠ ᠥᠭᠬᠦ ᠳᠦ ᠪᠡᠨ᠄ ᠮᠠᠨ ᠤ ᠠᠪᠤ ᠰᠢᠯᠦᠭ ᠦᠨ ᠨᠣᠮ ᠢᠶᠠᠨ ᠠᠩᠬ᠎ᠠ ᠭᠠᠷᠭᠠᠬᠤ ᠳᠤ ᠪᠢ ᠰᠢᠯᠦᠭ ᠲᠦ ᠳᠤᠷᠠᠯᠠᠵᠤ ᠡᠬᠢᠯᠡᠭᠰᠡᠨ ᠶᠤᠮ᠃ ᠠᠩᠬᠠᠨ ᠤ ᠰᠢᠯᠦᠭ ᠢᠶᠡᠨ ᠬᠣᠶᠠᠳᠤᠭᠠᠷ ᠠᠩᠭᠢ ᠳᠤ ᠪᠠᠨ ᠪᠤᠶᠤ 2017 ᠣᠨ ᠳᠤ ᠪᠢᠴᠢᠵᠦ ᠪᠠᠶᠢᠯ᠎ᠠ᠃ ᠲᠡᠭᠦᠨ ᠡᠴᠡ ᠬᠣᠶᠢᠰᠢ 59 ᠰᠢᠯᠦᠭ ᠪᠢᠴᠢᠭᠰᠡᠨ ᠭᠡᠵᠦ ᠪᠠᠢᠭᠰᠠᠨ ᠶᠤᠮ᠃

ᠨᠣᠮ ᠮᠠᠨᠢ ᠶᠡᠬᠡ ᠡᠵᠡᠨ ᠪᠣᠭᠳᠠ ᠴᠢᠩᠭᠢᠰ ᠬᠠᠭᠠᠨ ᠤ 860 ᠨᠠᠰᠤᠨ ᠤ ᠣᠢ ᠪᠠᠷ ᠬᠡᠪᠯᠡᠭᠳᠡᠭᠰᠡᠨ ᠨᠢ ᠶᠡᠬᠡ  ᠪᠠᠶᠢᠭᠰᠠᠨ᠃ ᠨᠣᠮ ᠢ ᠮᠠᠨᠢ ᠭᠠᠷᠭᠠᠵᠤ ᠥᠭᠭᠦᠭᠰᠡᠨ《ᠴᠡᠭᠴᠡ ᠠᠷᠪᠠᠲᠤ》ᠤᠷᠠᠨ ᠪᠦᠲᠦᠭᠡᠯ ᠦᠨ ᠨᠢᠭᠡᠳᠦᠯ ᠦᠨ ᠠᠬ᠎ᠠ ᠡᠭᠡᠴᠢ ᠨᠠᠷ ᠲᠤ ᠪᠠᠨ ᠮᠠᠰᠢ ᠶᠡᠬᠡ ᠪᠠᠶᠠᠷᠯᠠᠯ᠎ᠠ ᠭᠡᠪᠡ᠃

ᠰᠡᠳᠬᠢᠭᠳᠡᠯ ᠦᠯᠡᠳᠡᠭᠡᠬᠦ