ᠨᠡᠶᠢᠰᠯᠡᠯ ᠦᠨ ᠠᠶᠠᠯᠠᠯ ᠵᠢᠭᠤᠯᠴᠢᠯᠠᠯ ᠤᠨ ᠭᠠᠵᠠᠷ᠂《ᠲᠩᠷᠢ ᠲᠠᠶᠢᠯᠤᠯ》ᠲᠦᠷᠦ ᠶᠢᠨ ᠪᠤᠰᠤ ᠪᠠᠢᠭᠤᠯᠤᠯᠭ᠎ᠠ ᠲᠠᠢ ᠬᠠᠮᠲᠤᠷᠠᠨ 05 ᠰᠠᠷ᠎ᠠ ᠶᠢᠨ 28 ᠳᠦ︽ᠴᠢᠩᠭᠢᠰ ᠬᠠᠭᠠᠨ ᠤ ᠬᠦᠷᠢᠶ᠎ᠡ︾ ᠠᠶᠠᠯᠠᠯ ᠵᠢᠭᠤᠯᠴᠢᠯᠠᠯ ᠤᠨ ᠴᠣᠭᠴᠠᠯᠠᠪᠤᠷᠢ ᠳᠤ《ᠲᠩᠷᠢ》ᠣᠯᠠᠨ ᠤᠯᠤᠰ ᠤᠨ ᠪᠥᠭᠡ ᠶᠢᠨ ᠦᠵᠡᠭᠦᠯᠦᠯᠭᠡ ᠵᠣᠬᠢᠶᠠᠨ ᠪᠠᠶᠢᠭᠤᠯᠵᠤ ᠪᠠᠶᠢᠨ᠎ᠠ᠃ ᠦᠵᠡᠭᠦᠯᠦᠯᠭᠡ ᠳᠤ ᠡᠮᠦᠨᠡᠲᠦ ᠰᠣᠯᠣᠩᠭᠣᠰ᠂ ᠹᠷᠠᠨᠼᠢ᠂ ᠫᠤᠯᠠᠨᠳ᠋᠂ ᠠᠮᠧᠷᠢᠺᠠ ᠶᠢᠨ ᠨᠢᠭᠡᠳᠦᠭᠰᠡᠨ ᠤᠯᠤᠰ᠂ ᠺᠠᠨᠠᠳᠠ ᠶᠢᠨ ᠤᠤᠭᠠᠯ ᠢᠨᠳᠢᠶᠠᠨ᠂ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ᠂ ᠣᠷᠣᠰ ᠤᠨ ᠪᠤᠷᠢᠶᠠᠳ ᠵᠡᠷᠭᠡ ᠭᠠᠵᠠᠷ ᠠᠴᠠ 40 ᠭᠠᠷᠤᠢ ᠪᠥᠭᠡ ᠢᠷᠡᠵᠦ᠂ ᠲᠤᠬᠠᠢ ᠶᠢᠨ ᠤᠯᠤᠰ ᠤᠨ ᠪᠥᠭᠡ ᠮᠥᠷᠭᠥᠯ ᠦᠨ ᠣᠨᠴᠠᠯᠢᠭ᠂ ᠤᠯᠠᠮᠵᠢᠯᠠᠯ᠂ ᠶᠣᠰᠣ ᠵᠠᠩᠰᠢᠯ ᠢ ᠦᠵᠡᠭᠦᠯᠬᠦ ᠶᠤᠮ᠃
ᠮᠥᠨ ᠨᠠᠷᠠᠨ ᠤ ᠲᠠᠬᠢᠯᠭ᠎ᠠ᠂ ᠪᠥᠭᠡ ᠶᠢᠨ ᠲᠤᠭ ᠰᠦᠯᠳᠡ ᠵᠠᠯᠠᠬᠤ ᠶᠣᠰᠣᠯᠠᠯ᠂ ᠲᠩᠷᠢ ᠶᠢᠨ ᠳᠠᠭᠤᠳᠠᠯᠭ᠎ᠠ ᠵᠠᠩ ᠦᠢᠯᠡ᠂ ᠭᠠᠯ ᠤᠨ ᠲᠠᠬᠢᠯᠭ᠎ᠠ ᠪᠤᠯᠤᠨ᠎ᠠ᠃ ᠲᠤᠰ ᠦᠢᠯᠡ ᠠᠵᠢᠯᠯᠠᠭ᠎ᠠ ᠨᠢ ᠠᠩᠬ᠎ᠠ ᠤᠳᠠᠭ᠎ᠠ ᠵᠣᠬᠢᠶᠠᠭᠳᠠᠵᠤ ᠪᠠᠶᠢᠭ᠎ᠠ ᠤᠴᠢᠷ ᠢᠷᠭᠡᠳ ᠣᠯᠠᠨ ᠢᠶᠠᠷ ᠰᠣᠨᠢᠷᠬᠠᠵᠤ ᠪᠠᠶᠢᠭ᠎ᠠ ᠠᠴᠠ ᠭᠠᠳᠠᠨ᠎ᠠ ᠵᠢᠭᠤᠯᠴᠢᠳ ᠶᠡᠬᠡ ᠪᠡᠷ ᠣᠴᠢᠵᠤ ᠪᠠᠶᠢᠭ᠎ᠠ ᠶᠤᠮ ᠪᠠᠶᠢᠨ᠎ᠠ᠃