ᠤᠯᠤᠰ ᠤᠨ ᠬᠡᠮᠵᠢᠶᠡᠨ ᠳᠦ 15 ᠰᠠᠶ᠎ᠠ ᠮᠠᠯ ᠲᠥᠯᠯᠡᠭᠡᠳ ᠪᠠᠶᠢᠨ᠎ᠠ᠃ ᠡᠨᠡ ᠨᠢ ᠲᠥᠯᠯᠡᠬᠦ︵27.9 ᠰᠠᠶ᠎ᠠ︶ᠮᠠᠯ ᠤᠨ 54.7 ᠬᠤᠪᠢ ᠪᠣᠯᠵᠤ ᠪᠤᠢ ᠶᠢ ᠬᠦᠨᠡᠰᠦ ᠬᠦᠳᠡᠭᠡ ᠠᠵᠤ ᠠᠬᠤᠢ ᠶᠢᠨ ᠶᠠᠮᠤᠨ ᠠᠴᠠ ᠮᠡᠳᠡᠭᠡᠯᠡᠯ᠎ᠡ᠃ ᠲᠣᠳᠣᠷᠠᠭᠤᠯᠪᠠᠯ᠂ 15.1 ᠰᠠᠶ᠎ᠠ ᠲᠥᠯ ᠠᠴᠠ 13.8 ᠰᠠᠶ᠎ᠠ ᠨᠢ ᠪᠣᠶᠢᠵᠢᠵᠤ᠂ 91.8 ᠬᠤᠪᠢ ᠲᠠᠢ ᠪᠠᠶᠢᠨ᠎ᠠ᠃ ᠮᠠᠯ ᠲᠦᠯᠯᠡᠯᠲᠡ ᠶᠢ ᠪᠥᠰᠡ ᠨᠤᠲᠤᠭ ᠢᠶᠠᠷ ᠠᠪᠴᠤ ᠦᠵᠡᠪᠡᠯ᠄
ᠪᠠᠷᠠᠭᠤᠨ ᠪᠥᠰᠡ ᠳᠦ 47.0 ᠬᠤᠪᠢ᠂ ᠵᠡᠭᠦᠨ ᠪᠥᠰᠡ ᠳᠦ 58.5 ᠬᠤᠪᠢ ᠲᠠᠢ᠂ ᠲᠥᠪ ᠦᠨ ᠪᠥᠰᠡ ᠳᠦ 45.9 ᠬᠤᠪᠢ᠂ ᠬᠠᠩᠭᠠᠢ ᠶᠢᠨ ᠪᠥᠰᠡ ᠳᠦ 63.7 ᠬᠤᠪᠢ ᠲᠠᠢ ᠦᠷᠭᠦᠯᠵᠢᠯᠡᠵᠦ ᠪᠠᠶᠢᠨ᠎ᠠ᠃