ᠳ ∙ ᠪᠠᠲᠤᠲᠡᠮᠦᠷ︽ᠰᠢᠯᠢᠳᠡᠭ ᠡᠷᠡᠭᠲᠡᠢ ᠵᠦᠴᠦᠭᠡᠴᠢᠨ︾ ᠢᠶᠡᠷ ᠰᠢᠯᠭᠠᠷᠠᠵᠠᠢ | News.MN

ᠳ ∙ ᠪᠠᠲᠤᠲᠡᠮᠦᠷ︽ᠰᠢᠯᠢᠳᠡᠭ ᠡᠷᠡᠭᠲᠡᠢ ᠵᠦᠴᠦᠭᠡᠴᠢᠨ︾ ᠢᠶᠡᠷ ᠰᠢᠯᠭᠠᠷᠠᠵᠠᠢ

ᠵᠦᠴᠦᠭᠡᠴᠢᠨ ᠳ ∙ᠪᠠᠲᠤᠲᠡᠮᠦᠷ ᠦᠨ ᠨᠠᠶᠢᠷᠠᠭᠤᠯᠤᠭᠰᠠᠨ︽ᠲᠷᠢᠤ᠋︾ᠤᠷᠠᠨ ᠰᠠᠶᠢᠬᠠᠨ ᠤ ᠺᠢᠨᠣ᠋ ᠶᠢᠰᠦᠳ᠋ᠡᠬᠢ ᠱᠠᠩᠨᠠᠯ ᠪᠤᠯᠬᠤ ᠠᠮᠧᠷᠢᠺᠠ ᠶᠢᠨ Seattle Filmmaker Awards ᠨᠠᠭᠠᠳᠤᠮ ᠤᠨ︽ᠰᠢᠯᠢᠳᠡᠭ ᠡᠷᠡᠭᠲᠡᠢ ᠵᠦᠴᠦᠭᠡᠴᠢᠨ︾ᠱᠠᠩᠨᠠᠯ  ᠬᠦᠷᠲᠡᠵᠡᠢ᠃ ᠮᠣᠩᠭᠣᠯ ᠺᠢᠨᠣ᠋ 46 ᠵᠢᠯ ᠦᠨ ᠳᠠᠷᠠᠭ᠎ᠠ ᠳᠡᠯᠡᠬᠡᠢ ᠶᠢᠨ《ᠠ》ᠵᠡᠷᠭᠡᠯᠡᠯ ᠦᠨ ᠺᠢᠨᠣ᠋ ᠨᠠᠭᠠᠳᠤᠮ ᠠᠴᠠ ᠱᠠᠩᠨᠠᠯ ᠬᠦᠷᠲᠡᠭᠰᠡᠨ᠃ ᠲᠣᠳᠣᠷᠠᠭᠤᠯᠪᠠᠯ᠂ ᠡᠨᠡ ᠣᠨ ᠤ ᠡᠬᠢᠨ ᠳᠦ︽ᠲᠷᠢᠤ᠋︾ᠺᠢᠨᠣ᠋ 38 ᠳ᠋ᠠᠬᠢ ᠸᠠᠷᠱᠠᠸᠠ ᠶᠢᠨ ᠣᠯᠠᠨ ᠤᠯᠤᠰ ᠤᠨ ᠺᠢᠨᠣ᠋ ᠨᠠᠭᠠᠳᠤᠮ ᠠᠴᠠ 《ᠦᠵᠡᠭᠴᠢᠳ ᠦᠨ ᠨᠡᠷᠡᠮᠵᠢᠲᠦ ᠰᠢᠯᠢᠳᠡᠭ ᠺᠢᠨᠣ᠋》ᠱᠠᠩᠨᠠᠯ ᠢ ᠬᠦᠷᠲᠡᠭᠰᠡᠨ ᠶᠠᠪᠤᠳᠠᠯ ᠪᠠᠶᠢᠯ᠎ᠠ᠃

ᠡᠢᠮᠤ ᠱᠠᠩᠨᠠᠯ ᠢ ᠲᠡᠷᠲᠡᠭᠡ 1960 ᠣᠨ ᠤ ᠳᠡᠯᠡᠬᠡᠢ ᠶᠢᠨ《ᠠ》ᠵᠡᠷᠭᠡᠯᠡᠯ ᠦᠨ ᠨᠠᠭᠠᠳᠤᠮ ᠪᠣᠯᠬᠤ ᠮᠣᠰᠺᠸᠠ ᠶᠢᠨ ᠣᠯᠠᠨ ᠤᠯᠤᠰ ᠤᠨ ᠺᠢᠨᠣ᠋ ᠨᠠᠭᠠᠳᠤᠮ ᠳᠤ ᠳ∙ᠵᠢᠭᠵᠢᠳ ᠨᠠᠶᠢᠷᠠᠭᠤᠯᠤᠭᠴᠢ ᠶᠢᠨ ᠨᠠᠶᠢᠷᠠᠭᠤᠯᠤᠭᠰᠠᠨ 《ᠠᠷᠠᠳ ᠤᠨ ᠡᠯᠴᠢ》  ᠺᠢᠨᠤ᠋ ᠶᠢᠨ ᠠᠷᠢᠭᠤᠨ᠎ᠠ ᠶᠢᠨ ᠳᠦᠷᠢ 《ᠰᠢᠯᠢᠳᠡᠭ ᠡᠮᠡᠭᠲᠡᠢ ᠵᠦᠴᠦᠭᠡᠴᠢᠨ》ᠱᠠᠩᠨᠠᠯ ᠢ ᠬᠦᠷᠲᠡᠵᠦ ᠪᠠᠶᠢᠭᠰᠠᠨ᠃ ᠮᠥᠨ 1976 ᠣᠨ ᠳᠤ《ᠡᠬᠡ ᠪᠦᠷᠢᠳᠦ ᠶᠢᠨ ᠳᠣᠮᠣᠭ》ᠺᠢᠨᠣ᠋  ᠴᠧᠾ ᠤᠯᠤᠰ ᠤᠨ《 ᠺᠠᠷᠯᠤ᠋ ᠸᠠᠷᠢ》 ᠳᠡᠯᠡᠬᠡᠢ ᠶᠢᠨ 《ᠠ》ᠵᠡᠷᠭᠡᠯᠡᠯ ᠦᠨ ᠣᠯᠠᠨ ᠤᠯᠤᠰ ᠤᠨ ᠺᠢᠨᠣ᠋ ᠨᠠᠭᠠᠳᠤᠮ  ᠠᠴᠠ ᠱᠠᠩᠨᠠᠯ  ᠠᠪᠴᠤ ᠪᠠᠢᠵᠠᠢ᠃

ᠰᠡᠳᠬᠢᠭᠳᠡᠯ ᠦᠯᠡᠳᠡᠭᠡᠬᠦ