ᠢ᠊ ∙ ᠳ᠋ᠤᠨᠠᠶ᠋ᠸ᠋ᠸᠢᠰᠺᠢ ᠶᠢᠨ ᠨᠡᠷᠡᠮᠵᠢᠲᠦ ᠱᠠᠩᠨᠠᠯ ᠢ ᠨ ∙ ᠴᠢᠯᠠᠭᠤᠨᠬᠦᠦ ᠬᠦᠷᠲᠡᠵᠡᠢ | News.MN

ᠢ᠊ ∙ ᠳ᠋ᠤᠨᠠᠶ᠋ᠸ᠋ᠸᠢᠰᠺᠢ ᠶᠢᠨ ᠨᠡᠷᠡᠮᠵᠢᠲᠦ ᠱᠠᠩᠨᠠᠯ ᠢ ᠨ ∙ ᠴᠢᠯᠠᠭᠤᠨᠬᠦᠦ ᠬᠦᠷᠲᠡᠵᠡᠢ

ᠨᠡᠷᠡᠲᠦ ᠬᠥᠭᠵᠢᠮ ᠦᠨ ᠵᠣᠬᠢᠶᠠᠯᠴᠢ ᠢᠰᠠᠺ ᠳ᠋ᠤᠨᠠᠶ᠋ᠸ᠋ᠸᠢᠰᠺᠢ ᠶᠢᠨ ᠨᠡᠷᠡᠮᠵᠢᠲᠦ ᠣᠯᠠᠨ ᠤᠯᠤᠰ ᠤᠨ ᠳᠠᠭᠤᠯᠠᠭᠠᠴᠢᠳ ᠤᠨ ᠠᠷᠪᠠᠨ ᠬᠤᠶᠠᠳᠤᠭᠠᠷ ᠤᠳᠠᠭ᠎ᠠ ᠶᠢᠨ ᠤᠷᠤᠯᠳᠤᠭᠠᠨ ᠮᠣᠰᠺᠸᠠ ᠬᠤᠲᠠ ᠳᠤ ᠪᠣᠯᠵᠤ᠂ ᠭᠷᠡᠨᠫᠡᠷᠢ ᠱᠠᠩᠨᠠᠯ ᠢ ᠮᠣᠩᠭᠣᠯ ᠤᠯᠤᠰ ᠢ ᠲᠥᠯᠥᠭᠡᠯᠡᠨ ᠣᠷᠣᠯᠴᠠᠭᠰᠠᠨ ᠤᠯᠤᠰ ᠤᠨ ᠳᠠᠭᠤᠷᠢ ᠪᠦᠵᠢᠭ ᠦᠨ ᠡᠷᠳᠡᠮ ᠦᠨ ᠲᠢᠶᠠᠲ᠋ᠷ ᠤᠨ ᠳᠠᠭᠤᠴᠢᠨ ᠨ ∙ ᠴᠢᠯᠠᠭᠤᠨᠬᠦᠦ ᠬᠦᠷᠲᠡᠭᠰᠡᠨ ᠪᠠᠶᠢᠨ᠎ᠠ᠃
ᠤᠷᠤᠯᠳᠤᠭᠠᠨ ᠳᠤ ᠣᠷᠣᠰ᠂ ᠬᠢᠲᠠᠳ ᠂  ᠢᠰᠷᠧᠯ᠂  ᠪᠧᠯᠠᠷᠦ᠋ᠰ᠂ ᠬᠠᠰᠠᠭᠰᠲ᠋ᠠᠨ᠂ ᠠᠷᠮᠧᠨᠢ᠂ ᠭᠧᠷᠦᠽᠢᠶ᠎ᠠ᠂ ᠢᠷᠡᠨ᠂ ᠭᠷᠧᠺ ᠵᠡᠷᠭᠡ ᠣᠷᠣᠨ ᠤ 260 ᠭᠠᠷᠤᠢ ᠳᠠᠭᠤᠴᠢᠨ ᠣᠷᠣᠯᠴᠠᠵᠤ ᠥᠷᠢᠰᠦᠯᠳᠦᠵᠡᠢ᠃
ᠡᠳᠦᠭᠡ 27 ᠨᠠᠰᠤᠲᠠᠢ ᠨ ∙ ᠴᠢᠯᠠᠭᠤᠨᠬᠦᠦ ᠨᠢ 2017 ᠣᠨ ᠳᠤ ᠣᠷᠣᠰ  ᠤᠨ ᠪᠦᠭᠦᠳᠡ ᠨᠠᠶᠢᠷᠠᠮᠳᠠᠬᠤ ᠪᠤᠷᠢᠶᠠᠳ ᠤᠯᠤᠰ ᠲᠤ ᠪᠣᠯᠤᠭᠰᠠᠨ ᠵᠥᠪᠯᠡᠯᠲᠦ ᠬᠣᠯᠪᠣᠭᠠᠲᠤ ᠤᠯᠤᠰ ᠤᠨ ᠠᠷᠠᠳ ᠤᠨ ᠵᠦᠴᠦᠭᠡᠴᠢᠨ ᡀᠠᠰᠠᠷᠠᠨ ᠯᠢᠩᠬᠤᠸ᠋ ᠤᠨ ᠨᠡᠷᠡᠮᠵᠢᠲᠦ ᠣᠯᠠᠨ ᠤᠯᠤᠰ ᠤᠨ ᠠᠷᠪᠠᠨ ᠬᠤᠶᠠᠳᠤᠭᠠᠷ ᠤᠷᠤᠯᠳᠤᠭᠠᠨ ᠳᠤ ᠳᠡᠳ᠋ ᠪᠠᠶᠢᠷᠢ᠂ ᠣᠷᠣᠰ  ᠤᠨ ᠠᠷᠠᠳ ᠤᠨ ᠵᠦᠴᠦᠭᠡᠴᠢᠨ᠂ ᠪᠦᠭᠦᠳᠡ ᠨᠠᠶᠢᠷᠠᠮᠳᠠᠬᠤ ᠪᠤᠷᠢᠶᠠᠳ ᠤᠯᠤᠰ ᠤᠨ ᠲᠥᠷᠥ ᠶᠢᠨ ᠱᠠᠩᠨᠠᠯᠲᠤ᠂ ᠳᠠᠷᠢᠮ᠎ᠠ ᠯᠢᠩᠬᠤᠸ᠋ ᠤᠨ ᠨᠡᠷᠡᠮᠵᠢᠲᠦ ᠱᠠᠩᠨᠠᠯ᠂ ᠵᠥᠪᠯᠡᠯᠲᠦ ᠬᠣᠯᠪᠣᠭᠠᠲᠤ ᠤᠯᠤᠰ ᠤᠨ ᠠᠷᠠᠳ ᠤᠨ ᠵᠦᠴᠦᠭᠡᠴᠢᠨ ᠺ ∙ ᠢ᠊ ∙ ᠪᠠᠽᠠᠷ ᠰᠠᠳᠠᠶᠧ ᠤᠨ ᠨᠡᠷᠡᠮᠵᠢᠲᠦ ᠣᠯᠠᠨ ᠤᠯᠤᠰ ᠤᠨ ᠳᠠᠭᠤᠷᠢ ᠶᠢᠨ ᠳᠠᠭᠤᠯᠠᠭᠠᠴᠢᠳ ᠤᠨ 《ᠡᠷᠡᠭᠲᠡᠢ ᠳᠠᠭᠤ ᠬᠣᠭᠣᠯᠠᠢ-2022》 ᠵᠢᠷᠭᠤᠳᠤᠭᠠᠷ ᠤᠷᠤᠯᠳᠤᠭᠠᠨ ᠤ ᠳᠡᠳ᠋ ᠪᠠᠶᠢᠷᠢ ᠶᠢᠨ ᠱᠠᠩᠨᠠᠯ ᠢ ᠲᠤᠰ ᠲᠤᠰ ᠬᠦᠷᠲᠡᠵᠦ ᠪᠠᠢᠵᠠᠢ᠃

ᠰᠡᠳᠬᠢᠭᠳᠡᠯ ᠦᠯᠡᠳᠡᠭᠡᠬᠦ