ᠮᠣᠩᠭᠣᠯ ᠤᠨ ᠦᠨᠳᠦᠰᠦᠨ ᠦ ᠮᠦᠽᠧᠢ᠂ ᠰᠤᠶᠤᠯ ᠤᠨ ᠥᠪ ᠦᠨ ᠦᠨᠳᠦᠰᠦᠨ ᠦ ᠲᠥᠪ ᠬᠠᠮᠲᠤᠷᠠᠨ 《ᠬᠣᠷᠢᠭ ᠠᠭᠤᠯᠠ ᠶᠢᠨ ᠡᠷᠳᠡᠨᠢᠰ》 ᠨᠣᠮ ᠢ ᠡᠷᠬᠢᠯᠡᠨ ᠭᠠᠷᠭᠠᠯ᠎ᠠ᠃ ᠲᠤᠰ ᠨᠣᠮ ᠤᠨ ᠨᠡᠭᠡᠭᠡᠯᠲᠡ ᠮᠣᠩᠭᠣᠯ ᠤᠨ ᠦᠨᠳᠦᠰᠦᠨ ᠦ ᠮᠦᠽᠧᠢ ᠳᠦ ᠥᠨᠥᠳᠥᠷ ᠪᠣᠯᠪᠠ᠃
ᠡᠨᠡ ᠲᠤᠬᠠᠢ ᠮᠣᠩᠭᠣᠯ ᠤᠨ ᠦᠨᠳᠦᠰᠦᠨ ᠦ ᠮᠦᠽᠧᠢ ᠶᠢᠨ ᠡᠷᠳᠡᠮ ᠰᠢᠨᠵᠢᠯᠡᠭᠡᠨ ᠦ ᠠᠵᠢᠯᠲᠠᠨ᠂ ᠳ᠋ᠣᠺᠲ᠋ᠣᠷ ᠵ ∙ ᠪᠠᠶᠠᠷᠰᠠᠶᠢᠬᠠᠨ᠄ ᠮᠣᠩᠭᠣᠯ ᠤᠨ ᠦᠵᠡᠰᠬᠦᠯᠡᠩᠲᠦ ᠪᠠᠶᠢᠭᠠᠯᠢ᠂ ᠥᠪᠡᠷᠮᠢᠴᠡ ᠲᠡᠦᠬᠡ᠂ ᠰᠤᠶᠤᠯ ᠤᠨ ᠳᠤᠷᠠᠰᠬᠠᠯ ᠲᠠᠢ ᠬᠥᠪᠰᠥᠭᠥᠯ ᠠᠶᠢᠮᠠᠭ ᠤᠨ ᠨᠤᠲᠤᠭ ᠳᠠᠷᠬᠠᠳ ᠤᠨ ᠬᠣᠲᠣᠭᠣᠷ ᠲᠤ ᠪᠠᠶᠢᠭᠰᠠᠨ ᠮᠣᠩᠭᠣᠯ ᠤᠨ ᠡᠵᠡᠨᠲᠦ ᠭᠦᠷᠦᠨ ᠦ ᠦᠶ᠎ᠡ ᠶᠢᠨ ᠨᠢᠭᠡᠨ 《ᠶᠡᠬᠡ ᠬᠣᠷᠢᠭ》 ᠪᠤᠶᠤ ᠢᠵᠠᠭᠤᠷᠲᠠᠳ ᠤᠨ ᠣᠷᠣᠰᠢᠭᠤᠯᠭ᠎ᠠ ᠶᠢᠨ ᠭᠠᠵᠠᠷ ᠢ ᠲᠣᠨᠣᠭᠤᠯᠴᠢᠳ ᠰᠦᠢᠳᠬᠡᠨ ᠪᠤᠰᠠᠨᠢᠭᠤᠯᠤᠭᠰᠠᠨ ᠪᠠᠶᠢᠭᠰᠠᠨ᠃ ᠡᠨᠡ ᠬᠦ ᠶᠠᠪᠤᠳᠠᠯ ᠢ ᠰᠤᠳᠤᠯᠤᠭᠠᠴᠢᠳ ᠨᠤᠲᠤᠭ ᠤᠨ ᠢᠷᠭᠡᠳ ᠡᠴᠡ 2017 ᠣᠨ ᠤ ᠵᠤᠨ ᠣᠯᠵᠤ ᠮᠡᠳᠡᠭᠰᠡᠨ ᠦ ᠳᠠᠭᠠᠤ ᠲᠣᠨᠣᠭᠳᠠᠭᠰᠠᠨ 68 ᠪᠤᠯᠠᠰᠢ ᠶᠢ ᠠᠪᠤᠷᠠᠨ ᠬᠠᠮᠠᠭᠠᠯᠠᠬᠤ᠂ ᠦᠯᠡᠳᠡᠭᠰᠡᠨ ᠳᠤᠷᠠᠰᠬᠠᠯ ᠢ ᠨᠢ ᠲᠡᠭᠦᠵᠦ ᠠᠪᠬᠤ᠂ ᠮᠦᠽᠧᠢ ᠳᠦ ᠰᠢᠯᠵᠢᠭᠦᠯᠬᠦ ᠵᠡᠷᠭᠡ ᠠᠵᠢᠯ ᠢ ᠭᠤᠷᠪᠠᠨ ᠵᠢᠯ ᠦᠨ ᠬᠤᠭᠤᠴᠠᠭᠠᠨ ᠳᠤ ᠬᠢᠯ᠎ᠡ᠃
ᠢᠩᠭᠢᠭᠡᠳ 170 ᠭᠠᠷᠤᠢ ᠬᠣᠪᠣᠷ ᠣᠯᠳᠠᠪᠤᠷᠢ᠂ ᠦᠵᠡᠮᠦᠷᠢ ᠳᠤᠷᠠᠰᠬᠠᠯ ᠢᠶᠠᠷ ᠨᠢ ᠨᠣᠮ ᠪᠦᠲᠦᠭᠡᠯ᠎ᠡ᠃ ᠲᠤᠬᠠᠢ ᠶᠢᠨ ᠳᠤᠷᠠᠰᠬᠠᠯᠲᠤ ᠭᠠᠵᠠᠷ ᠤᠨ ᠲᠡᠦᠬᠡ᠂ ᠠᠷᠬᠧᠣᠯᠣᠭᠢ᠂ ᠯᠠᠪᠤᠷᠠᠲ᠋ᠣᠷᠢ ᠶᠢᠨ ᠤᠷᠢᠳᠴᠢᠯᠠᠭᠰᠠᠨ ᠦᠷ᠎ᠡ ᠳ᠋ᠦᠩ ᠨᠤᠭᠦᠳ ᠡᠶᠢᠨᠬᠦᠦ ᠬᠡᠪᠯᠡᠭᠳᠡᠨ ᠭᠠᠷᠴᠤ ᠪᠠᠶᠢᠨ᠎ᠠ᠃ ᠡᠨᠡ ᠪᠣᠯ ᠮᠣᠩᠭᠣᠯ ᠤᠨ ᠡᠵᠡᠨᠲᠦ ᠭᠦᠷᠦᠨ ᠦ ᠲᠡᠦᠬᠡᠨ ᠳᠦ ᠨᠢᠭᠡᠨ ᠰᠢᠨ᠎ᠡ ᠬᠠᠭᠤᠳᠠᠰᠤ ᠨᠡᠮᠡᠭᠳᠡᠵᠦ ᠪᠤᠢ ᠦᠢᠯᠡ ᠶᠠᠪᠤᠳᠠᠯ ᠪᠣᠯᠵᠤ ᠪᠠᠶᠢᠨ᠎ᠠ ᠭᠡᠪᠡ᠃