ᠠᠭᠤᠷᠬᠠᠢ ᠶᠢᠨ ᠤᠬᠤᠭᠰᠠᠨ ᠨᠦᠬᠡᠨ ᠳᠦ 600 ᠣᠷᠴᠢᠮ ᠠᠳᠤᠭᠤ ᠤᠨᠠᠵᠤ ᠦᠬᠦᠵᠡᠢ | News.MN

ᠠᠭᠤᠷᠬᠠᠢ ᠶᠢᠨ ᠤᠬᠤᠭᠰᠠᠨ ᠨᠦᠬᠡᠨ ᠳᠦ 600 ᠣᠷᠴᠢᠮ ᠠᠳᠤᠭᠤ ᠤᠨᠠᠵᠤ ᠦᠬᠦᠵᠡᠢ

ᠰᠦᠬᠡᠪᠠᠭᠠᠲᠤᠷ ᠠᠢᠮᠠᠭ ᠤᠨ︽ᠳᠣᠷᠣᠨ᠎ᠠ ᠶᠢᠨ ᠴᠢᠯᠠᠭᠤᠯᠢᠭ︾ᠺᠤᠮᠫᠠᠨᠢ ᠶᠢᠨ ᠨᠡᠭᠦᠷᠡᠰᠦᠲᠡᠢ ᠶᠢᠨ ᠠᠭᠤᠷᠬᠠᠢ ᠶᠢᠨ ᠤᠬᠤᠭᠰᠠᠨ ᠨᠦᠬᠡᠨ ᠳᠦ ᠰᠢᠭᠤᠷᠭᠠᠨ ᠢᠶᠠᠷ ᠤᠷᠤᠭᠤᠳᠠᠭᠰᠠᠨ ᠣᠯᠠᠨ ᠠᠳᠤᠭᠤ ᠤᠨᠠᠵᠤ ᠦᠬᠦᠵᠡᠢ᠃ ᠡᠨᠳᠡ ᠬᠠᠮᠤᠭ ᠤᠨ ᠪᠠᠭ᠎ᠠ ᠳᠤ ᠪᠠᠨ ᠯᠠ 500-600 ᠠᠳᠤᠭᠤ ᠪᠤᠢ᠃ ᠵᠥᠪᠬᠡᠨ ᠠᠰᠬᠠᠲᠤ ᠰᠤᠮᠤ ᠠᠴᠠ ᠭᠡᠬᠦ ᠳᠦ 17 ᠮᠠᠯᠴᠢᠨ ᠡᠷᠦᠬᠡ ᠶᠢᠨ ᠠᠳᠤᠭᠤ ᠪᠠᠶᠢᠭ᠎ᠠ ᠶᠢ ᠲᠤᠭᠲᠠᠭᠠᠵᠠᠢ᠃ ᠨᠢᠭᠡ ᠠᠶᠢᠯ  ᠤᠨ 1-3 ᠠᠵᠢᠷᠭ᠎ᠠ ᠠᠳᠤᠭᠤ ᠭᠡᠵᠦ ᠦᠵᠡᠪᠡᠯ ᠨᠢᠭᠡ ᠠᠶᠢᠯ ᠬᠠᠮᠤᠭ ᠤᠨ ᠪᠠᠭ᠎ᠠ ᠳᠤ ᠪᠠᠨ ᠯᠠ  ᠬᠤᠷᠢᠭᠠᠳ ᠲᠣᠭᠠᠨ ᠤ᠂ ᠳᠡᠭᠡᠳᠦ ᠲᠠᠯ᠎ᠠ ᠨᠢ 50᠂ 60 ᠣᠷᠴᠢᠮ ᠲᠣᠭᠠᠨ ᠤ ᠠᠳᠤᠭᠤ  ᠪᠠᠨ ᠠᠯᠳᠠᠵᠠᠢ᠃
ᠨᠡᠭᠦᠷᠡᠰᠦᠲᠡᠢ ᠶᠢᠨ ᠠᠭᠤᠷᠬᠠᠢ ᠨᠢ ᠠᠰᠬᠠᠲᠤ ᠰᠦᠬᠡᠪᠠᠭᠠᠲᠤᠷ ᠰᠤᠮᠤ ᠶᠢᠨ ᠵᠠᠭᠠᠭ᠂ ᠠᠰᠬᠠᠲᠤ ᠰᠤᠮᠤ ᠶᠢᠨ ᠥᠯᠵᠡᠶᠢᠲᠦ ᠪᠠᠭ ᠤᠨ ᠨᠤᠲᠤᠭ ᠳᠡᠪᠢᠰᠬᠡᠷ ᠲᠦ ᠦᠢᠯᠡ ᠠᠵᠢᠯᠯᠠᠭ᠎ᠠ ᠶᠠᠪᠤᠭᠤᠯᠳᠠᠭ᠃ ᠬᠡᠳᠦᠢ ᠪᠡᠷ ᠪᠠᠢᠭᠠᠯᠢ ᠶᠢᠨ ᠳᠠᠪᠠᠭᠳᠠᠰᠢ ᠦᠭᠡᠢ ᠬᠦᠴᠦᠨ ᠵᠦᠢᠯ ᠨᠥᠯᠦᠭᠡᠯᠡᠭᠰᠡᠨ ᠴᠤ ᠢᠩᠭᠢᠵᠦ ᠦᠢ ᠣᠯᠠᠨ ᠢᠶᠠᠷ ᠢᠶᠠᠨ ᠦᠷᠡᠭᠳᠡᠭᠰᠡᠨ ᠨᠢ ᠠᠭᠤᠷᠬᠠᠢ ᠶᠢᠨ ᠪᠤᠷᠤᠭᠤ ᠲᠠᠢ ᠦᠢᠯᠡ ᠠᠵᠢᠯᠯᠠᠭ᠎ᠠ ᠲᠠᠢ ᠬᠣᠯᠪᠣᠭ᠎ᠠ ᠲᠠᠢ ᠭᠡᠵᠦ ᠮᠠᠯᠴᠢᠳ ᠦᠵᠡᠵᠦ ᠪᠠᠶᠢᠭ᠎ᠠ ᠶᠤᠮ᠃

ᠰᠡᠳᠬᠢᠭᠳᠡᠯ ᠦᠯᠡᠳᠡᠭᠡᠬᠦ