ᠪᠤᠯᠠᠭ ᠱᠠᠩᠳᠠ ᠶᠢᠨ ᠡᠬᠢ ᠶᠢ ᠬᠠᠮᠠᠭᠠᠯᠠᠬᠤ ᠠᠵᠢᠯ ᠬᠢᠯ᠎ᠡ | News.MN

ᠪᠤᠯᠠᠭ ᠱᠠᠩᠳᠠ ᠶᠢᠨ ᠡᠬᠢ ᠶᠢ ᠬᠠᠮᠠᠭᠠᠯᠠᠬᠤ ᠠᠵᠢᠯ ᠬᠢᠯ᠎ᠡ

ᠪᠤᠯᠠᠭᠠᠨ ᠠᠶᠢᠮᠠᠭ ᠤᠨ ᠪᠠᠶᠢᠭᠠᠯᠢ ᠬᠠᠮᠠᠭᠠᠯᠠᠬᠤ ᠰᠠᠩ ᠤᠨ 9 ᠰᠠᠶ᠎ᠠ ᠲᠥᠭᠥᠷᠢᠭ ᠦᠨ ᠬᠥᠷᠥᠩᠭᠡ ᠣᠷᠣᠭᠤᠯᠤᠯᠲᠠ ᠪᠠᠷ ᠭᠤᠷᠪᠠᠨᠪᠤᠯᠠᠭ ᠰᠤᠮᠤ ᠶᠢᠨ ᠲᠣᠭᠣᠭ᠎ᠠ ᠪᠠᠭ ᠲᠤ ᠦᠵᠦᠭᠦᠷ ᠪᠤᠯᠠᠭ ᠤᠨ ᠡᠬᠢ ᠶᠢ ᠬᠠᠰᠢᠵᠤ ᠬᠠᠮᠠᠭᠠᠯᠠᠬᠤ ᠶᠢᠨ ᠲᠤᠯᠠᠳᠠ ᠨᠡᠶᠢᠲᠡ 60 ᠮᠧᠲ᠋ᠷ ᠤᠷᠲᠤ ᠬᠠᠰᠢᠶ᠎ᠠ ᠪᠠᠷᠢᠭᠰᠠᠨ ᠪᠠᠶᠢᠨ᠎ᠠ᠃
ᠠᠶᠢᠮᠠᠭ ᠤᠨ ᠢᠷᠭᠡᠳ ᠦᠨ ᠲᠥᠯᠥᠭᠡᠯᠡᠭᠴᠢᠳ ᠦᠨ ᠬᠤᠷᠠᠯ  ᠨᠢ ᠡᠨᠡ ᠣᠨ ᠤ ᠲᠥᠰᠥᠪ ᠦᠨ ᠪᠠᠶᠢᠭᠠᠯᠢ ᠬᠠᠮᠠᠭᠠᠯᠠᠬᠤ᠂ ᠨᠥᠬᠥᠨ ᠰᠡᠷᠭᠦᠭᠡᠬᠦ ᠠᠷᠭ᠎ᠠ ᠬᠡᠮᠵᠢᠶᠡᠨ ᠦ ᠵᠠᠷᠤᠳᠠᠯ ᠳᠤ ᠪᠤᠯᠠᠭ᠂ ᠱᠠᠩᠳᠠ ᠶᠢᠨ ᠡᠬᠢ ᠶᠢ ᠬᠠᠮᠠᠭᠠᠯᠠᠬᠤ ᠳᠤ 68 ᠰᠠᠶ᠎ᠠ ᠲᠥᠭᠥᠷᠢᠭ ᠲᠤᠰᠬᠠᠭᠰᠠᠨ ᠶᠤᠮ᠃ ᠲᠡᠢᠮᠤ ᠠᠴᠠ ᠪᠠᠶᠠᠨ-ᠠᠭᠲᠠ᠂ ᠬᠡᠰᠢᠭ-ᠥᠨᠳᠥᠷ᠂ ᠣᠷᠬᠣᠨ ᠵᠡᠷᠭᠡ ᠶᠢᠰᠦᠨ ᠰᠤᠮᠤᠨ ᠳᠤ ᠪᠤᠯᠠᠭ ᠤᠨ ᠡᠬᠢ ᠶᠢ ᠬᠠᠮᠠᠭᠠᠯᠠᠬᠤ ᠪᠠᠷ ᠪᠠᠶᠢᠨ᠎ᠠ᠃

ᠰᠡᠳᠬᠢᠭᠳᠡᠯ ᠦᠯᠡᠳᠡᠭᠡᠬᠦ