ᠹᠷᠠᠨᠼᠢ ᠤᠯᠤᠰ ᠤᠨ ᠶᠡᠷᠦᠩᠬᠡᠶᠢᠯᠡᠭᠴᠢ ᠮᠠᠺᠷᠣᠨ《ᠴᠢᠩᠭᠢᠰ ᠬᠠᠭᠠᠨ》ᠮᠦᠽᠧᠢ ᠳᠦ | News.MN

ᠹᠷᠠᠨᠼᠢ ᠤᠯᠤᠰ ᠤᠨ ᠶᠡᠷᠦᠩᠬᠡᠶᠢᠯᠡᠭᠴᠢ ᠮᠠᠺᠷᠣᠨ《ᠴᠢᠩᠭᠢᠰ ᠬᠠᠭᠠᠨ》ᠮᠦᠽᠧᠢ ᠳᠦ

ᠪᠦᠭᠦᠳᠡ ᠨᠠᠶᠢᠷᠠᠮᠳᠠᠬᠤ ᠹᠷᠠᠨᠼᠢ ᠤᠯᠤᠰ ᠤᠨ ᠶᠡᠷᠦᠩᠬᠡᠶᠢᠯᠡᠭᠴᠢ ᠮᠠᠺᠷᠣᠨ《ᠴᠢᠩᠭᠢᠰ ᠬᠠᠭᠠᠨ》ᠮᠦᠽᠧᠢ ᠳᠦ ᠥᠴᠥᠭᠡᠳᠦᠷ ᠣᠷᠣᠢ ᠵᠣᠴᠢᠯᠠᠪᠠ᠃ ᠮᠣᠩᠭᠣᠯ᠂ ᠹᠷᠠᠨᠼᠢ ᠶᠢᠨ ᠬᠠᠷᠢᠯᠴᠠᠭ᠎ᠠ ᠡᠷᠲᠡᠨ ᠡᠴᠡ ᠡᠬᠢᠯᠡᠯ ᠲᠡᠢ ᠪᠥᠭᠡᠳ ᠹᠷᠠᠨᠼᠢ ᠶᠢᠨ ᠬᠠᠭᠠᠨ  ᠶᠢᠰᠦᠳᠦᠭᠡᠷ ᠯᠦᠶ᠋ᠢᠰ ᠬᠠᠭᠠᠨ ᠤ ᠡᠯᠴᠢ  ᠷᠦᠪᠷᠦᠺ ᠮᠣᠩᠭᠣᠯ ᠤᠨ ᠡᠵᠡᠨᠲᠦ ᠭᠦᠷᠦᠨ ᠢ ᠳᠡᠯᠡᠬᠡᠢ ᠳᠦ ᠲᠠᠨᠢᠭᠤᠯᠤᠭᠰᠠᠨ ᠲᠡᠦᠬᠡ ᠲᠡᠢ᠃ ᠹᠷᠠᠨᠼᠢ ᠶᠢᠨ ᠦᠨᠳᠦᠰᠦᠨ ᠦ ᠨᠣᠮ ᠤᠨ ᠰᠠᠩ ᠳᠤ ᠡᠬᠢ ᠬᠤᠪᠢ ᠨᠢ ᠬᠠᠳᠠᠭᠠᠯᠠᠭᠳᠠᠵᠤ ᠪᠤᠢ︽ᠮᠠᠷᠺᠣ  ᠫᠤᠯᠤ ᠶᠢᠨ ᠠᠶᠠᠯᠠᠯ ᠤᠨ ᠲᠡᠮᠳᠡᠭᠯᠡᠯ ︾ ᠤᠨ ᠭᠠᠷ ᠪᠢᠴᠢᠮᠡᠯ ᠤᠨ ᠬᠠᠭᠤᠯᠪᠤᠷᠢ 《ᠴᠢᠩᠭᠢᠰ ᠬᠠᠭᠠᠨ》ᠮᠦᠽᠧᠢ ᠶᠢᠨ ᠰᠠᠩ ᠬᠥᠮᠥᠷᠭᠡ ᠳᠦ ᠪᠠᠶᠢᠳᠠᠭ ᠶᠤᠮ᠃
ᠡᠨᠡ ᠣᠨ ᠤ 10 ᠳ᠋ᠤᠭᠠᠷ ᠰᠠᠷ᠎ᠠ ᠳᠤ ᠹᠷᠠᠨᠼᠢ ᠤᠯᠤᠰ ᠤᠨ ᠨᠠᠨᠲ ᠬᠣᠲᠠ ᠶᠢᠨ ᠦᠨᠳᠦᠰᠦᠨ ᠦ ᠲᠡᠦᠬᠡ ᠶᠢᠨ ᠮᠦᠽᠧᠢ ᠳᠦ《ᠴᠢᠩᠭᠢᠰ ᠬᠠᠭᠠᠨ᠄ ᠮᠣᠩᠭᠣᠯᠴᠤᠳ ᠳᠡᠯᠡᠬᠡᠢ ᠶᠢ ᠬᠡᠷᠬᠢᠨ ᠦᠭᠡᠷᠡᠴᠢᠯᠡᠪᠡ》ᠦᠵᠡᠰᠬᠦᠯᠡᠩ ᠢ ᠨᠡᠶᠢᠲᠡ ᠳᠦ ᠲᠣᠯᠢᠯᠠᠭᠤᠯᠬᠤ ᠪᠠᠷ ᠲᠥᠯᠥᠪᠯᠡᠭᠰᠡᠨ ᠶᠤᠮ᠃  ᠬᠤᠶᠠᠷ ᠤᠯᠤᠰ ᠢᠷᠡᠬᠦ ᠵᠢᠯ ᠦᠳ ᠲᠦ ᠰᠤᠶᠤᠯ ᠪᠣᠯᠤᠨ ᠠᠷᠬᠧᠣᠯᠣᠭᠢ ᠶᠢᠨ ᠰᠠᠯᠪᠤᠷᠢ ᠳᠤ ᠬᠠᠮᠲᠤ ᠶᠢᠨ ᠠᠵᠢᠯᠯᠠᠭ᠎ᠠ ᠶᠢ ᠡᠷᠴᠢᠮᠵᠢᠭᠦᠯᠦᠨ ᠬᠥᠭᠵᠢᠭᠦᠯᠵᠦ᠂ ᠲᠡᠭᠦᠨ ᠦ ᠳᠣᠲᠣᠷ᠎ᠠ ᠺᠢᠨᠣ᠋ ᠤᠷᠠᠯᠢᠭ ᠤᠨ ᠰᠠᠯᠪᠤᠷᠢ ᠳᠤ ᠬᠠᠮᠲᠤᠷᠠᠭᠰᠠᠨ ᠤᠷᠠᠨ ᠪᠦᠲᠦᠭᠡᠯ ᠲᠤᠭᠤᠷᠪᠢᠬᠤ ᠪᠠᠷ ᠶᠠᠷᠢᠯᠴᠠᠵᠠᠢ᠃

ᠰᠡᠳᠬᠢᠭᠳᠡᠯ ᠦᠯᠡᠳᠡᠭᠡᠬᠦ