《ᠠᠯᠲᠠᠨ ᠣᠷᠳᠣ᠄ ᠮᠣᠩᠭᠣᠯᠴᠤᠳ ᠳᠡᠯᠡᠬᠡᠢ ᠶᠢ ᠥᠭᠡᠷᠡᠴᠢᠯᠡᠭᠰᠡᠨ ᠨᠢ》ᠨᠣᠮ ᠮᠣᠩᠭᠣᠯ ᠢᠶᠠᠷ ᠤᠷᠴᠢᠭᠤᠯᠤᠭᠳᠠᠵᠠᠢ | News.MN

《ᠠᠯᠲᠠᠨ ᠣᠷᠳᠣ᠄ ᠮᠣᠩᠭᠣᠯᠴᠤᠳ ᠳᠡᠯᠡᠬᠡᠢ ᠶᠢ ᠥᠭᠡᠷᠡᠴᠢᠯᠡᠭᠰᠡᠨ ᠨᠢ》ᠨᠣᠮ ᠮᠣᠩᠭᠣᠯ ᠢᠶᠠᠷ ᠤᠷᠴᠢᠭᠤᠯᠤᠭᠳᠠᠵᠠᠢ

《ᠮᠤᠨ ᠰᠤᠳᠤᠷ》ᠬᠡᠪᠯᠡᠯ ᠦᠨ ᠭᠠᠵᠠᠷ ᠮᠠᠷᠢ ᠹᠠᠸ᠋ᠸᠷᠦ  ᠪᠢᠴᠢᠵᠦ᠂ ᠴ∙ᠪᠠᠭᠠᠲᠤᠷ ᠤᠨ ᠤᠷᠴᠢᠭᠤᠯᠤᠭᠰᠠᠨ《ᠠᠯᠲᠠᠨ ᠣᠷᠳᠣ᠄ ᠮᠣᠩᠭᠣᠯᠴᠤᠳ ᠳᠡᠯᠡᠬᠡᠢ ᠶᠢ ᠥᠭᠡᠷᠡᠴᠢᠯᠡᠭᠰᠡᠨ ᠨᠢ》ᠨᠣᠮ ᠢ  ᠬᠡᠪᠯᠡᠭᠦᠯᠵᠡᠢ᠃ ᠮᠠᠷᠢ ᠹᠠᠸ᠋ᠸᠷᠦ︵Marie Favereau Doumenjou︶ᠨᠢ ᠹᠷᠠᠨᠼᠢ ᠶᠢᠨ ᠳᠣᠷᠣᠨ᠎ᠠ ᠶᠢᠨ ᠠᠷᠬᠧᠣᠯᠣᠭᠢ ᠶᠢᠨ ᠢᠨᠰᠲ᠋ᠢᠲ᠋ᠤᠼ ᠦᠨ ᠭᠡᠰᠢᠭᠦᠨ ᠪᠥᠭᠡᠳ ᠣᠺᠰᠹᠣᠷᠳ᠋ ᠤᠨ ᠶᠡᠬᠡ ᠰᠤᠷᠭᠠᠭᠤᠯᠢ ᠶᠢᠨ 《ᠨᠡᠭᠦᠳᠡᠯᠴᠢᠳ ᠦᠨ ᠡᠵᠡᠨᠲᠦ ᠭᠦᠷᠦᠨ》ᠬᠡᠮᠡᠬᠦ ᠲᠣᠮᠣᠬᠠᠨ ᠲᠥᠰᠥᠯ ᠦᠨ ᠭᠡᠰᠢᠭᠦᠨ᠂ ᠫᠠᠷᠢᠰ ᠤᠨ ᠨᠠᠨᠲ᠋ᠧᠷ ᠦᠨ ᠶᠡᠬᠡ ᠰᠤᠷᠭᠠᠭᠤᠯᠢ ᠶᠢᠨ ᠪᠠᠭᠰᠢ᠂ ᠵᠣᠬᠢᠶᠠᠯᠴᠢ ᠬᠦᠮᠦᠨ ᠶᠤᠮ᠃

ᠲᠡᠭᠦᠨ ᠦ 2021 ᠣᠨ ᠳᠤ ᠪᠢᠴᠢᠭᠰᠡᠨ《ᠠᠯᠲᠠᠨ ᠣᠷᠳᠣ᠄ ᠮᠣᠩᠭᠣᠯᠴᠤᠳ ᠳᠡᠯᠡᠬᠡᠢ ᠶᠢ ᠥᠭᠡᠷᠡᠴᠢᠯᠡᠭᠰᠡᠨ ᠨᠢ》︵The Horde᠄ How the Mongols changed the World︶ᠬᠡᠮᠡᠬᠦ ᠨᠣᠮ ᠨᠢ ᠰᠤᠳᠤᠯᠤᠭᠠᠴᠢᠳ ᠤᠨ ᠳᠤᠮᠳᠠ ᠲᠡᠳᠦᠢ ᠦᠭᠡᠢ ᠪᠠᠷᠠᠭᠤᠨ ᠤ ᠨᠡᠷ᠎ᠡ ᠬᠦᠨᠳᠦᠲᠡᠢ ᠬᠡᠪᠯᠡᠯ ᠦᠨ ᠭᠠᠵᠠᠷ ᠤᠳ ᠤᠨ ᠠᠩᠬᠠᠷᠤᠯ ᠳᠤ ᠪᠠᠶᠢᠵᠤ᠂ ᠬᠠᠮᠤᠭ ᠤᠨ ᠭᠦᠢᠯᠭᠡᠭᠡᠲᠡᠢ ᠨᠣᠮ ᠤᠨ ᠲᠣᠭᠠᠨ ᠳᠤ ᠣᠷᠣᠵᠤ ᠪᠠᠶᠢᠭᠰᠠᠨ ᠶᠤᠮ᠃ ᠤᠭ ᠨᠣᠮ ᠳᠤ᠂ ᠮᠣᠩᠭᠣᠯ ᠤᠨ ᠪᠠᠶᠢᠯᠳᠤᠨ ᠳᠠᠭᠠᠭᠤᠯᠤᠯ ᠠᠴᠠ ᠡᠭᠦᠰᠦᠭᠰᠡᠨ ᠠᠯᠲᠠᠨ ᠣᠷᠳᠣ ᠤᠯᠤᠰ ᠤᠨ ᠲᠡᠦᠬᠡᠨ ᠨᠥᠬᠥᠴᠡᠯ᠂ ᠵᠠᠰᠠᠭᠯᠠᠯ᠂ ᠬᠥᠭᠵᠢᠯ᠂ ᠣᠷᠣᠰᠢᠨ ᠲᠣᠭᠲᠠᠨᠢᠬᠤ ᠬᠤᠭᠤᠴᠠᠭᠠᠨ ᠳᠤ ᠪᠠᠨ ᠨᠡᠭᠦᠳᠡᠯᠴᠢᠨ ᠰᠢᠨᠵᠢ ᠪᠡᠨ ᠬᠠᠳᠠᠭᠠᠯᠠᠬᠤ ᠶᠢᠨ ᠵᠡᠷᠭᠡᠴᠡᠭᠡ ᠵᠣᠬᠢᠴᠠᠨ ᠬᠤᠪᠢᠰᠴᠤ᠂ ᠥᠭᠡᠷᠡᠴᠢᠯᠡᠭᠳᠡᠭᠰᠡᠨ ᠲᠡᠦᠬᠡ ᠶᠢ ᠰᠤᠳᠤᠯᠤᠭ᠎ᠠ ᠪᠠᠷ ᠭᠠᠷᠭᠠᠵᠤ᠂ ᠠᠯᠲᠠᠨ ᠣᠷᠳᠣ ᠤᠯᠤᠰ ᠢ ᠡᠭᠦᠰᠬᠡᠨ ᠪᠠᠶᠢᠭᠤᠯᠤᠭᠴᠢ᠂ ᠶᠡᠬᠡ ᠮᠣᠩᠭᠣᠯ ᠤᠯᠤᠰ ᠤᠨ ᠴᠢᠩᠭᠢᠰ ᠬᠠᠭᠠᠨ ᠤ ᠤᠤᠭᠠᠨ ᠬᠦᠦ ᠵᠦᠴᠢ ᠶᠢᠨ ᠤᠳᠤᠮ ᠤᠨ ᠬᠢᠨ ᠤ ᠦᠶ᠎ᠡ ᠵᠠᠯᠭᠠᠮᠵᠢᠯᠠᠨ ᠪᠠᠷᠢᠮᠲᠠᠯᠠᠵᠤ ᠢᠷᠡᠭᠰᠡᠨ ᠪᠣᠳᠣᠯᠭ᠎ᠠ ᠶᠢ ᠰᠢᠨᠵᠢᠯᠡᠨ ᠰᠤᠳᠤᠯᠵᠤ ᠳ᠋ᠦᠩᠨᠡᠯᠲᠡ ᠥᠭᠭᠦᠭᠰᠡᠨ ᠪᠠᠶᠢᠨ᠎ᠠ᠃
ᠲᠡᠦᠬᠡᠴᠢ ᠮᠠᠷᠢ ᠹᠠᠸ᠋ᠸᠷᠦ ᠮᠣᠩᠭᠣᠯ ᠤᠯᠤᠰ ᠲᠤ ᠬᠦᠷᠦᠯᠴᠡᠨ ᠢᠷᠡᠵᠦ᠂ 5 ᠳ᠋ᠤᠭᠠᠷ ᠰᠠᠷ᠎ᠠ ᠶᠢᠨ 21  ᠳᠦ《ᠴᠢᠩᠭᠢᠰ ᠬᠠᠭᠠᠨ》 ᠮᠦᠽᠧᠢ ᠳᠦ ᠮᠣᠩᠭᠣᠯ ᠤᠯᠤᠰ ᠤᠨ ᠶᠡᠷᠦᠩᠬᠡᠶᠢᠯᠡᠭᠴᠢ ᠤ᠊∙ᠬᠦᠷᠡᠯᠰᠦ᠋ᠬᠡ᠂ ᠪᠦᠭᠦᠳᠡ ᠨᠠᠶᠢᠷᠠᠮᠳᠠᠬᠤ ᠹᠷᠠᠨᠼᠢ ᠤᠯᠤᠰ ᠤᠨ ᠶᠡᠷᠦᠩᠬᠡᠶᠢᠯᠡᠭᠴᠢ  ᠮᠠᠺᠷᠣᠨ  ᠳᠦ ᠨᠣᠮ ᠢᠶᠠᠨ ᠲᠠᠨᠢᠯᠴᠠᠭᠤᠯᠵᠤ᠂ ᠳᠤᠷᠠᠰᠬᠠᠵᠠᠢ᠃

ᠰᠡᠳᠬᠢᠭᠳᠡᠯ ᠦᠯᠡᠳᠡᠭᠡᠬᠦ