ᠠᠮᠧᠷᠢᠺᠠ ᠶᠢᠨ ᠨᠢᠳᠦᠨ ᠦ ᠡᠮᠴᠢ ᠨᠠᠷ 77 ᠬᠦᠮᠦᠨ ᠳᠦ ᠮᠡᠰᠡ ᠵᠠᠰᠠᠯ ᠬᠢᠯ᠎ᠡ | News.MN

ᠠᠮᠧᠷᠢᠺᠠ ᠶᠢᠨ ᠨᠢᠳᠦᠨ ᠦ ᠡᠮᠴᠢ ᠨᠠᠷ 77 ᠬᠦᠮᠦᠨ ᠳᠦ ᠮᠡᠰᠡ ᠵᠠᠰᠠᠯ ᠬᠢᠯ᠎ᠡ

ᠠᠮᠧᠷᠢᠺᠠ ᠶᠢᠨ Virtue Foundation ᠣᠯᠠᠨ ᠤᠯᠤᠰ ᠤᠨ ᠪᠠᠶᠢᠭᠤᠯᠤᠯᠭ᠎ᠠ ᠶᠢᠨ ᠨᠢᠳᠦᠨ ᠦ ᠲᠥᠷᠦᠯᠵᠢᠭᠰᠡᠨ ᠨᠠᠷᠢᠨ ᠮᠡᠷᠭᠡᠵᠢᠯ ᠦᠨ ᠮᠡᠰᠡ ᠵᠠᠰᠠᠯ ᠤᠨ ᠡᠮᠴᠢ ᠨᠠᠷ ᠤᠨ ᠪᠠᠭ 11 ᠳ᠋ᠡᠬᠢ ᠵᠢᠯ ᠳᠦ ᠪᠡᠨ ᠬᠣᠪᠳᠣ ᠠᠶᠢᠮᠠᠭ ᠲᠤ ᠠᠵᠢᠯᠯᠠᠵᠤ ᠪᠠᠶᠢᠨ᠎ᠠ᠃ ᠡᠮᠴᠢ ᠨᠠᠷ ᠤᠨ ᠪᠠᠭ ᠲᠤ ᠠᠮᠧᠷᠢᠺᠠ ᠶᠢᠨ ᠨᠢᠳᠦᠨ ᠦ ᠡᠮᠴᠢ ᠨᠠᠷ ᠠᠴᠠ ᠭᠠᠳᠠᠨ᠎ᠠ ᠤᠯᠤᠰ ᠤᠨ ᠲᠥᠪ ᠡᠮᠨᠡᠯᠭᠡ ᠶᠢᠨ ᠨᠢᠳᠦᠨ ᠦ ᠮᠡᠷᠭᠡᠵᠢᠯ ᠦᠨ ᠡᠮᠴᠢ᠂  ᠮᠡᠷᠭᠡᠵᠢᠯᠲᠡᠳ ᠪᠠᠭᠲᠠᠵᠠᠢ᠃
ᠡᠳᠡᠭᠡᠷ ᠡᠮᠴᠢ᠂  ᠮᠡᠷᠭᠡᠵᠢᠯᠲᠡᠳ 2012 ᠣᠨ ᠳᠤ ᠬᠣᠪᠳᠣ ᠠᠶᠢᠮᠠᠭ ᠲᠠᠢ ᠬᠠᠮᠲᠤᠷᠠᠨ ᠠᠵᠢᠯᠯᠠᠬᠤ ᠭᠡᠷ᠎ᠡ ᠪᠠᠶᠢᠭᠤᠯᠤᠭᠰᠠᠨ  ᠪᠦᠭᠡᠳ 11 ᠳ᠋ᠡᠬᠢ ᠵᠢᠯ ᠳᠦ ᠪᠡᠨ ᠢᠷᠡᠵᠦ᠂ ᠪᠠᠷᠠᠭᠤᠨ ᠪᠤᠰᠤ ᠨᠤᠲᠤᠭ ᠤᠨ ᠢᠷᠭᠡᠳ ᠲᠦ ᠨᠢᠳᠦᠨ ᠦ ᠲᠥᠷᠦᠯᠵᠢᠭᠰᠡᠨ ᠮᠡᠷᠭᠡᠵᠢᠯ ᠦᠨ ᠲᠤᠰᠠᠯᠠᠮᠵᠢ ᠦᠢᠯᠡᠴᠢᠯᠡᠭᠡ ᠦᠵᠡᠭᠦᠯᠵᠦ ᠪᠠᠶᠢᠭ᠎ᠠ ᠨᠢ ᠡᠨᠡ ᠶᠤᠮ᠃
ᠲᠡᠳᠡ ᠬᠣᠪᠳᠣ ᠠᠶᠢᠮᠠᠭ ᠲᠤ ᠥᠩᠭᠡᠷᠡᠭᠰᠡᠨ ᠬᠤᠭᠤᠴᠠᠭᠠᠨ ᠳᠤ ᠳᠠᠪᠬᠤᠷᠳᠠᠭᠰᠠᠨ ᠲᠣᠭ᠎ᠠ ᠪᠠᠷ 3420 ᠭᠠᠷᠤᠢ ᠡᠮᠴᠢ᠂ ᠮᠡᠷᠭᠡᠵᠢᠯᠲᠡᠨ ᠢ ᠠᠵᠢᠯ ᠤᠨ ᠪᠠᠶᠢᠷᠢᠨ ᠤ ᠰᠤᠷᠭᠠᠯᠲᠠ ᠳᠤ ᠬᠠᠮᠤᠷᠤᠭᠤᠯᠵᠤ᠂ ᠳᠠᠳᠤᠯᠭᠠᠵᠢᠭᠤᠯᠵᠠᠢ᠃ ᠮᠥᠨ 12 ᠮᠢᠩᠭ᠎ᠠ ᠭᠠᠷᠤᠢ ᠬᠦᠮᠦᠨ ᠳᠦ ᠨᠢᠳᠦᠨ ᠦ ᠦᠵᠡᠯᠭᠡ᠂ ᠣᠨᠣᠰᠢᠯᠠᠭ᠎ᠠ ᠬᠢᠭᠰᠡᠨ ᠡᠴᠡ 1250 ᠡᠪᠡᠳᠴᠢᠲᠡᠨ ᠳᠦ ᠲᠥᠷᠦᠯᠵᠢᠭᠰᠡᠨ ᠮᠡᠷᠭᠡᠵᠢᠯ ᠦᠨ ᠨᠢᠳᠦᠨ ᠦ ᠬᠠᠭᠠᠯᠤᠯᠭ᠎ᠠ ᠬᠢᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ