ᠺᠠᠨᠪᠧᠷᠷᠠ ᠬᠤᠲᠠ ᠳᠤ《Welcome to Mongolia》 ᠠᠷᠭ᠎ᠠ ᠬᠡᠮᠵᠢᠶ᠎ᠡ ᠵᠣᠬᠢᠶᠠᠵᠠᠢ | News.MN

ᠺᠠᠨᠪᠧᠷᠷᠠ ᠬᠤᠲᠠ ᠳᠤ《Welcome to Mongolia》 ᠠᠷᠭ᠎ᠠ ᠬᠡᠮᠵᠢᠶ᠎ᠡ ᠵᠣᠬᠢᠶᠠᠵᠠᠢ

ᠮᠣᠩᠭᠣᠯ ᠤᠯᠤᠰ ᠠᠴᠠ ᠠᠦᠢᠰᠲᠷᠠᠯᠢᠶ᠎ᠠ ᠤᠯᠤᠰ ᠲᠤ ᠰᠠᠭᠤᠭ᠎ᠠ ᠡᠯᠴᠢᠨ ᠰᠠᠶᠢᠳ ᠤᠨ ᠶᠠᠮᠤᠨ ᠺᠠᠨᠪᠧᠷᠷᠠ ᠳ᠋ᠡᠬᠢ ᠳ᠋ᠢᠫᠯᠣᠮᠠᠲ ᠺᠯᠦ᠋ᠪ ᠲᠡᠢ ᠬᠠᠮᠲᠤᠷᠠᠨ 《Welcome to Mongolia》 ᠰᠤᠶᠤᠯ ᠤᠨ ᠠᠷᠭ᠎ᠠ ᠬᠡᠮᠵᠢᠶ᠎ᠡ ᠶᠢ  5 ᠳ᠋ᠤᠭᠠᠷ ᠰᠠᠷ᠎ᠠ ᠶᠢᠨ 17  ᠤ ᠡᠳᠦᠷ ᠺᠠᠨᠪᠧᠷᠷᠠ ᠬᠣᠲᠠ ᠶᠢᠨ 《ᠫᠠᠷᠺ  ᠬᠠᠶᠠᠲ》 ᠵᠣᠴᠢᠳ ᠪᠠᠭᠤᠳᠠᠯ ᠳᠤ ᠵᠣᠬᠢᠶᠠᠨ ᠪᠠᠶᠢᠭᠤᠯᠵᠠᠢ᠃

ᠤᠭ ᠠᠷᠭ᠎ᠠ ᠬᠡᠮᠵᠢᠶᠡᠨ ᠳᠦ ᠠᠦᠢᠰᠲᠷᠠᠯᠢᠶ᠎ᠠ ᠶᠢᠨ ᠭᠠᠳᠠᠭᠠᠳᠤ ᠬᠠᠷᠢᠯᠴᠠᠭ᠎ᠠ᠂ ᠬᠤᠳᠠᠯᠳᠤᠭᠠᠨ ᠤ ᠶᠠᠮᠤᠨ᠂ ᠳᠣᠲᠣᠭᠠᠳᠤ ᠬᠡᠷᠡᠭ ᠦᠨ ᠶᠠᠮᠤᠨ᠂ ᠬᠢᠯᠢ ᠬᠠᠮᠠᠭᠠᠯᠠᠬᠤ ᠭᠠᠵᠠᠷ᠂ ᠬᠤᠳᠠᠯᠳᠤᠭ᠎ᠠ᠂ ᠠᠵᠤ ᠦᠢᠯᠡᠳᠪᠦᠷᠢ ᠶᠢᠨ ᠲᠠᠩᠬᠢᠮ᠂ ᠬᠤᠪᠢ ᠶᠢᠨ ᠬᠡᠪᠰᠢᠯ ᠪᠣᠯᠤᠨ ᠺᠠᠨᠪᠧᠷᠷᠠ ᠳ᠋ᠡᠬᠢ ᠭᠠᠳᠠᠭᠠᠳᠤ ᠤᠯᠤᠰ ᠤᠨ ᠳ᠋ᠢᠫᠯᠣᠮᠠᠲ ᠲᠥᠯᠥᠭᠡᠯᠡᠭᠴᠢ ᠶᠢᠨ ᠭᠠᠵᠠᠷ ᠤᠳ ᠤᠨ ᠲᠥᠯᠥᠭᠡᠯᠡᠯ ᠵᠡᠷᠭᠡ 200 ᠭᠠᠷᠤᠢ ᠵᠣᠴᠢᠨ ᠤᠷᠤᠯᠴᠠᠪᠠ᠃
ᠡᠯᠴᠢᠨ ᠰᠠᠶᠢᠳ ᠳ ∙ ᠳᠠᠸᠠᠰᠦ᠋ᠷᠦᠩ ᠮᠣᠩᠭᠣᠯ᠂ ᠠᠦᠢᠰᠲᠷᠠᠯᠢᠶ᠎ᠠ ᠶᠢᠨ ᠬᠠᠷᠢᠯᠴᠠᠭ᠎ᠠ᠂ ᠬᠠᠮᠲᠤ ᠶᠢᠨ ᠠᠵᠢᠯᠯᠠᠭᠠᠨ ᠤ ᠥᠨᠥ ᠶᠢᠨ ᠪᠠᠶᠢᠳᠠᠯ᠂ ᠮᠣᠩᠭᠣᠯ ᠤᠯᠤᠰ ᠤᠨ ᠵᠠᠰᠠᠭ ᠤᠨ ᠭᠠᠵᠠᠷ ᠠᠴᠠ ᠵᠠᠷᠯᠠᠭᠰᠠᠨ 《ᠮᠣᠩᠭᠣᠯ ᠳᠤ ᠵᠣᠴᠢᠯᠠᠬᠤ ᠵᠢᠯ》 ᠲᠠᠯ᠎ᠠ ᠪᠠᠷ ᠲᠠᠨᠢᠯᠴᠠᠭᠤᠯᠤᠭᠰᠠᠨ ᠪᠠᠶᠢᠨ᠎ᠠ᠃  ᠡᠨᠡ ᠦᠶ᠎ᠡ ᠪᠡᠷ 《ᠮᠣᠩᠭᠣᠯ ᠳᠤ ᠵᠣᠴᠢᠯᠠᠬᠤ ᠵᠢᠯ》 ᠸᠢᠳᠢᠣ᠋ ᠺᠣᠨᠲ᠋ᠧᠨᠲ ᠪᠣᠯᠤᠨ ᠮᠣᠷᠢᠨ ᠬᠤᠭᠤᠷ᠂  ᠬᠦᠭᠡᠮᠢ᠂ ᠮᠣᠩᠭᠣᠯ ᠪᠦᠵᠢᠭ ᠵᠡᠷᠭᠡ ᠤᠷᠠᠯᠢᠭ ᠤᠨ ᠲᠣᠭᠯᠠᠯᠲᠠ ᠶᠢ ᠲᠣᠯᠢᠯᠠᠭᠤᠯᠵᠤ᠂ ᠵᠣᠴᠢᠳ ᠢ ᠮᠣᠩᠭᠣᠯ ᠬᠣᠭᠣᠯᠠ ᠪᠠᠷ ᠳᠠᠶᠢᠯᠠᠵᠠᠢ᠃

ᠰᠡᠳᠬᠢᠭᠳᠡᠯ ᠦᠯᠡᠳᠡᠭᠡᠬᠦ