ᠧᠦ᠋ᠷᠣᠫᠠ ᠶᠢᠨ ᠬᠣᠯᠪᠣᠭᠠᠨ ᠤ ᠣᠷᠣᠨ ᠨᠤᠭᠤᠳ ᠤᠨ ᠡᠯᠴᠢᠨ ᠰᠠᠶᠢᠳ ᠨᠠᠷ ᠤᠨ ᠠᠭᠤᠯᠵᠠᠯᠲᠠ ᠪᠣᠯᠪᠠ | News.MN

ᠧᠦ᠋ᠷᠣᠫᠠ ᠶᠢᠨ ᠬᠣᠯᠪᠣᠭᠠᠨ ᠤ ᠣᠷᠣᠨ ᠨᠤᠭᠤᠳ ᠤᠨ ᠡᠯᠴᠢᠨ ᠰᠠᠶᠢᠳ ᠨᠠᠷ ᠤᠨ ᠠᠭᠤᠯᠵᠠᠯᠲᠠ ᠪᠣᠯᠪᠠ

ᠧᠦ᠋ᠷᠣᠫᠠ ᠶᠢᠨ ᠬᠣᠯᠪᠣᠭᠠᠨ ᠤ ᠭᠡᠰᠢᠭᠦᠨ ᠣᠷᠣᠨ ᠨᠤᠭᠤᠳ ᠠᠴᠠ ᠮᠣᠩᠭᠣᠯ ᠤᠯᠤᠰ ᠲᠤ ᠰᠠᠭᠤᠭ᠎ᠠ ᠪᠣᠯᠤᠨ ᠬᠠᠪᠰᠤᠷᠤᠨ ᠰᠠᠭᠤᠭ᠎ᠠ ᠣᠷᠣᠨ ᠨᠤᠭᠤᠳ ᠤᠨ ᠡᠯᠴᠢᠨ ᠰᠠᠶᠢᠳ ᠨᠠᠷ ᠤᠨ ᠠᠭᠤᠯᠵᠠᠯᠲᠠ ᠶᠢ  5 ᠳ᠋ᠤᠭᠠᠷ ᠰᠠᠷ᠎ᠠ ᠶᠢᠨ 16-17  ᠤ ᠡᠳᠦᠷ ᠦᠳ ᠲᠦ ᠵᠣᠬᠢᠶᠠᠨ ᠪᠠᠶᠢᠭᠤᠯᠪᠠ᠃ ᠴᠠᠷ᠎ᠠ ᠲᠠᠬᠤᠯ ᠤᠨ ᠬᠣᠷᠢᠭ ᠠᠷᠭ᠎ᠠ ᠬᠡᠮᠵᠢᠶᠡᠨ ᠡᠴᠡ ᠰᠢᠯᠲᠠᠭᠠᠯᠠᠨ ᠳᠦᠷᠪᠡᠨ ᠵᠢᠯ ᠵᠠᠪᠰᠠᠷᠯᠠᠭᠠᠳ ᠪᠠᠶᠢᠭᠰᠠᠨ ᠡᠨᠡ ᠤᠳᠠᠭ᠎ᠠ ᠶᠢᠨ ᠠᠭᠤᠯᠵᠠᠯᠲᠠ ᠳᠤ ᠤᠯᠠᠭᠠᠨᠪᠠᠭᠠᠲᠤᠷ ᠬᠤᠲᠠ ᠳᠦ ᠰᠠᠭᠤᠭ᠎ᠠ ᠪᠣᠯᠤᠨ ᠪᠡᠭᠡᠵᠢᠩ᠂ ᠰᠸᠦ᠋ᠯ ᠬᠣᠲᠠ ᠠᠴᠠ ᠬᠠᠪᠰᠤᠷᠤᠨ ᠰᠠᠭᠤᠭ᠎ᠠ ᠧᠦ᠋ᠷᠣᠫᠠ ᠶᠢᠨ ᠬᠣᠯᠪᠣᠭ᠎ᠠ᠂ ᠲᠡᠭᠦᠨ ᠦ ᠭᠡᠰᠢᠭᠦᠨ ᠣᠷᠣᠨ ᠨᠤᠭᠤᠳ ᠤᠨ ᠡᠯᠴᠢᠨ ᠰᠠᠶᠢᠳ ᠨᠠᠷ ᠤᠷᠤᠯᠴᠠᠪᠠ᠃
ᠮᠣᠩᠭᠣᠯ ᠤᠯᠤᠰ ᠤᠨ ᠶᠡᠬᠡ ᠬᠤᠷᠠᠯ ᠤᠨ ᠳᠠᠷᠤᠭ᠎ᠠ ᠭ ∙ ᠽᠠᠨᠳᠠᠨᠰᠢᠲᠠᠷ᠎ᠠ ᠲᠡᠳᠡᠨ ᠢ  5 ᠳ᠋ᠤᠭᠠᠷ ᠰᠠᠷ᠎ᠠ ᠶᠢᠨ 17  ᠤ ᠡᠳᠦᠷ ᠬᠦᠯᠢᠶᠡᠨ ᠠᠪᠴᠤ ᠠᠭᠤᠯᠵᠠᠵᠤ᠂ ᠧᠦ᠋ᠷᠣᠫᠠ ᠶᠢᠨ ᠬᠣᠯᠪᠣᠭ᠎ᠠ᠂ ᠲᠡᠭᠦᠨ ᠦ ᠭᠡᠰᠢᠭᠦᠨ ᠣᠷᠣᠨ ᠨᠤᠭᠤᠳ ᠲᠠᠢ ᠬᠠᠤᠯᠢ ᠲᠣᠭᠲᠠᠭᠠᠬᠤ ᠪᠠᠶᠢᠭᠤᠯᠤᠯᠭ᠎ᠠ ᠶᠢᠨ ᠰᠠᠯᠪᠤᠷᠢ ᠳᠤ ᠬᠥᠭᠵᠢᠭᠦᠯᠵᠦ ᠪᠤᠢ ᠬᠠᠮᠲᠤ ᠶᠢᠨ ᠠᠵᠢᠯᠯᠠᠭᠠᠨ ᠤ ᠲᠠᠯ᠎ᠠ ᠪᠠᠷ ᠰᠠᠨᠠᠯ ᠰᠣᠯᠢᠯᠴᠠᠵᠤ᠂ ᠦᠨᠳᠦᠰᠦᠨ ᠬᠠᠤᠯᠢ ᠳᠤ ᠤᠷᠤᠭᠤᠯᠬᠤ ᠥᠭᠡᠷᠡᠴᠢᠯᠡᠯᠲᠡ ᠶᠢᠨ ᠲᠠᠯ᠎ᠠ ᠪᠠᠷ ᠮᠡᠳᠡᠭᠡᠯᠡᠯ ᠥᠭᠪᠡ᠃
ᠮᠥᠨ ᠪᠣᠯᠪᠠᠰᠤᠷᠠᠯ᠂ ᠰᠢᠨᠵᠢᠯᠡᠬᠦ ᠤᠬᠠᠭᠠᠨ ᠤ ᠰᠠᠶᠢᠳ ᠯ ∙ ᠡᠩᠬᠡ-ᠠᠮᠤᠭᠤᠯᠠᠩ᠂ ᠬᠠᠤᠯᠢ ᠵᠦᠢ᠂ ᠳᠣᠲᠣᠭᠠᠳᠤ ᠬᠡᠷᠡᠭ ᠦᠨ ᠳᠡᠳ᠋ ᠰᠠᠶᠢᠳ ᠪ ∙ ᠰᠣᠯᠣᠩᠭ᠎ᠠ᠂ ᠪᠠᠶᠢᠭᠠᠯᠢ ᠣᠷᠴᠢᠨ᠂ ᠠᠶᠠᠯᠠᠯ ᠵᠢᠭᠤᠯᠴᠢᠯᠠᠯ ᠤᠨ ᠳᠡᠳ᠋ ᠰᠠᠶᠢᠳ ᠮ ∙ ᠭᠠᠩᠪᠠᠭᠠᠲᠤᠷ᠂ ᠵᠠᠮ ᠲᠡᠭᠡᠭᠡᠪᠦᠷᠢ ᠶᠢᠨ ᠬᠥᠭᠵᠢᠯ ᠦᠨ ᠳᠡᠳ᠋ ᠰᠠᠶᠢᠳ ᠯ ∙ ᠬᠠᠯᠲᠠᠷ ᠪᠣᠯᠤᠨ ᠡᠷᠴᠢᠮ ᠬᠦᠴᠦᠨ ᠦ ᠶᠠᠮᠤᠨ ᠤ ᠤᠳᠤᠷᠢᠳᠤᠯᠭ᠎ᠠ ᠨᠠᠷ ᠲᠡᠳᠡᠨ ᠲᠠᠢ ᠠᠭᠤᠯᠵᠠᠵᠤ᠂  ᠮᠣᠩᠭᠣᠯ ᠤᠯᠤᠰ ᠤᠨ ᠧᠦ᠋ᠷᠣᠫᠠ ᠶᠢᠨ ᠬᠣᠯᠪᠣᠭ᠎ᠠ᠂ ᠲᠡᠭᠦᠨ ᠦ ᠭᠡᠰᠢᠭᠦᠨ ᠣᠷᠣᠨ ᠨᠤᠭᠤᠳ ᠲᠠᠢ ᠪᠣᠯᠪᠠᠰᠤᠷᠠᠯ᠂ ᠬᠠᠤᠯᠢ ᠡᠷᠬᠡ ᠵᠦᠢ᠂ ᠪᠠᠶᠢᠭᠠᠯᠢ ᠣᠷᠴᠢᠨ᠂ ᠠᠶᠠᠯᠠᠯ ᠵᠢᠭᠤᠯᠴᠢᠯᠠᠯ᠂ ᠲᠡᠭᠡᠭᠡᠪᠦᠷᠢ ᠯᠤᠭᠢᠰᠲ᠋ᠢᠺ ᠤᠨ ᠰᠠᠯᠪᠤᠷᠢ ᠳᠤ ᠬᠥᠭᠵᠢᠭᠦᠯᠵᠦ ᠪᠤᠢ ᠬᠠᠮᠲᠤ ᠶᠢᠨ ᠠᠵᠢᠯᠯᠠᠭᠠᠨ ᠤ ᠥᠨᠥ ᠶᠢᠨ ᠪᠠᠶᠢᠳᠠᠯ ᠤᠨ ᠲᠠᠯ᠎ᠠ ᠪᠠᠷ ᠶᠠᠷᠢᠯᠴᠠᠵᠤ᠂ ᠴᠠᠭᠠᠰᠢᠳᠠ ᠬᠠᠮᠲᠤ ᠶᠢᠨ ᠠᠵᠢᠯᠯᠠᠭ᠎ᠠ ᠶᠢ ᠮᠣᠩᠭᠣᠯ ᠤᠯᠤᠰ ᠤᠨ ᠵᠠᠰᠠᠭ ᠤᠨ ᠭᠠᠵᠠᠷ ᠠᠴᠠ ᠳᠡᠪᠰᠢᠭᠦᠯᠦᠭᠰᠡᠨ ᠤᠷᠲᠤ ᠪᠣᠯᠤᠨ ᠳᠤᠮᠳᠠ ᠬᠤᠭᠤᠴᠠᠭᠠᠨ ᠤ ᠬᠥᠭᠵᠢᠯ ᠦᠨ ᠪᠣᠳᠣᠯᠭ᠎ᠠ ᠳᠤ ᠲᠤᠰᠬᠠᠭᠳᠠᠭᠰᠠᠨ ᠲᠣᠮᠣᠬᠠᠨ ᠵᠣᠷᠢᠯᠲᠠ ᠶᠢ ᠬᠦᠷᠢᠶᠡᠨ ᠳᠦ ᠥᠷᠭᠡᠵᠢᠭᠦᠯᠬᠦ ᠲᠠᠯ᠎ᠠ ᠪᠠᠷ ᠰᠠᠨᠠᠯ ᠰᠤᠯᠢᠯᠴᠠᠪᠠ᠃

ᠰᠡᠳᠬᠢᠭᠳᠡᠯ ᠦᠯᠡᠳᠡᠭᠡᠬᠦ