ᠵᠠᠰᠠᠭ ᠤᠨ ᠭᠠᠵᠠᠷ ᠤᠨ ᠬᠤᠷᠠᠯᠳᠤᠭᠠᠨ ᠠᠴᠠ ᠭᠠᠷᠤᠭᠰᠠᠨ ᠰᠢᠢᠳᠪᠦᠷᠢ ᠶᠢ ᠲᠠᠨᠢᠯᠴᠠᠭᠤᠯᠬᠤ ᠦᠶ᠎ᠡ ᠪᠡᠷ ᠵᠠᠮ ᠲᠡᠭᠡᠭᠡᠪᠤᠷᠢ ᠶᠢᠨ ᠬᠦᠭᠵᠢᠯ ᠦᠨ ᠶᠠᠮᠤᠨ ᠤ ᠰᠠᠶᠢᠳ ᠰ∙ᠪᠢᠮᠪᠠᠴᠣᠭᠲᠤ᠄ ᠥᠨᠥᠳᠥᠷ ᠦᠨ ᠵᠠᠰᠠᠭ ᠤᠨ ᠬᠤᠷᠠᠯᠳᠤᠭᠠᠨ ᠢᠶᠠᠷ ᠪᠠᠷᠠᠭᠤᠨ ᠪᠣᠰᠤᠭ᠎ᠠ ᠲᠡᠮᠦᠷ ᠵᠠᠮ ᠤᠨ ᠡᠬᠢᠯᠡᠯ ᠪᠣᠯᠬᠤ ᠰᠢᠪᠡᠭᠡᠬᠦ᠋ᠷᠡᠩ – ᠴᠡᠭᠡ ᠴᠢᠭᠯᠡᠯ ᠦᠨ ᠨᠠᠷᠢᠨ ᠴᠠᠷᠢᠭ ᠤᠨ ᠲᠡᠮᠦᠷ ᠵᠠᠮ ᠢ ᠪᠠᠷᠢᠵᠤ ᠪᠠᠶᠢᠭᠤᠯᠬᠤ ᠠᠵᠢᠯ ᠢ ᠬᠡᠯᠡᠯᠴᠡᠵᠦ᠂ ᠵᠠᠮ ᠪᠠᠷᠢᠬᠤ ᠡᠷᠬᠡ ᠶᠢ︽ᠨᠠᠷᠢᠨ ᠰᠤᠬᠠᠶᠢᠲᠤ ᠶᠢᠨ ᠲᠡᠮᠦᠷ ᠵᠠᠮ︾ᠺᠣᠮᠫᠠᠨᠢ ᠳᠤ ᠥᠭᠬᠦ ᠰᠢᠢᠳᠪᠦᠷᠢ ᠭᠠᠷᠭᠠᠯ᠎ᠠ᠃
ᠵᠠᠮ ᠦᠨ ᠠᠵᠢᠯ ᠢ ᠲᠠᠪᠤᠳᠤᠭᠠᠷ ᠰᠠᠷ᠎ᠠ ᠳᠤ ᠡᠬᠢᠯᠡᠭᠦᠯᠵᠦ᠂ 10 ᠳ᠋ᠤᠭᠠᠷ ᠰᠠᠷ᠎ᠠ ᠭᠡᠬᠦ ᠳᠦ ᠠᠰᠢᠭᠯᠠᠯᠲᠠ ᠳᠤ ᠣᠷᠣᠭᠤᠯᠬᠤ ᠪᠠᠷ ᠲᠥᠯᠥᠪᠯᠡᠵᠦ ᠪᠠᠶᠢᠭ᠎ᠠ᠃ ᠵᠠᠮ ᠤᠨ ᠤᠷᠲᠤ ᠨᠢ 7 ᠺᠢᠯᠣᠮᠧᠲ᠋ᠷ᠂ ᠰᠠᠯᠠᠭᠠᠯᠠᠬᠤ ᠵᠠᠮ ᠤᠨ ᠤᠷᠲᠤ 20 ᠺᠢᠯᠣᠮᠧᠲ᠋ᠷ᠃ 200 ᠭᠠᠷᠤᠢ ᠲᠡᠷᠪᠤᠮ ᠲᠥᠭᠥᠷᠢᠭ ᠦᠨ ᠬᠥᠷᠥᠩᠭᠡ ᠣᠷᠣᠭᠤᠯᠤᠯᠲᠠ ᠪᠠᠷ ᠬᠤᠪᠢ ᠶᠢᠨ ᠬᠡᠪᠰᠢᠯ ᠬᠢᠵᠦ ᠬᠡᠷᠡᠭᠵᠢᠭᠦᠯᠦᠨ ᠵᠢᠷᠭᠤᠭᠠᠨ ᠵᠢᠯ ᠠᠰᠢᠭᠯᠠᠵᠤ᠂ ᠲᠥᠷᠥ ᠳᠦ 100 ᠬᠤᠪᠢ ᠦᠨ᠎ᠡ ᠲᠥᠯᠦᠪᠦᠷᠢ ᠦᠭᠡᠢ ᠰᠢᠯᠵᠢᠭᠦᠯᠵᠦ ᠥᠭᠬᠦ ᠨᠥᠬᠥᠴᠡᠯ ᠲᠡᠢ᠃
ᠠᠷᠴᠠᠰᠠᠭᠤᠷᠢ – ᠨᠠᠷᠢᠨᠰᠤᠬᠠᠢᠳᠤ – ᠰᠢᠪᠡᠭᠡᠬᠦ᠋ᠷᠡᠩ ᠴᠢᠭᠯᠡᠯ ᠦᠨ 1250 ᠺᠢᠯᠣᠮᠧᠲ᠋ᠷ ᠲᠡᠮᠦᠷ ᠵᠠᠮ ᠢ ᠪᠠᠷᠢᠵᠤ ᠪᠠᠶᠢᠭᠤᠯᠬᠤ ᠠᠵᠢᠯ ᠢ ᠡᠰᠰᠧᠨᠰ ᠰᠠᠫᠯᠠᠶᠢᠰ ᠺᠤᠮᠫᠠᠨᠢ ᠳᠤ ᠣᠯᠭᠤᠭᠰᠠᠨ᠃ ᠡᠨᠡ ᠣᠨ ᠤ ᠵᠢᠷᠭᠤᠳᠤᠭᠠᠷ ᠰᠠᠷ᠎ᠠ ᠳᠤ ᠺᠣᠨᠼᠧᠰ ᠤᠨ ᠭᠡᠷ᠎ᠡ ᠪᠠᠢᠭᠤᠯᠵᠤ᠂ ᠪᠠᠷᠢᠯᠭ᠎ᠠ ᠶᠢᠨ ᠠᠵᠢᠯ ᠡᠬᠢᠯᠡᠭᠦᠯᠬᠦ ᠲᠥᠯᠥᠪ ᠲᠡᠢ ᠪᠠᠶᠢᠨ᠎ᠠ ᠭᠡᠪᠡ᠃