ᠭᠤᠷᠪᠠᠳᠤᠭᠠᠷ ᠰᠠᠷ᠎ᠠ ᠳᠤ ᠬᠣᠪᠳᠣ ᠠᠶᠢᠮᠠᠭ ᠤᠨ ᠲᠡᠷᠢᠭᠦᠨ ᠦ ᠲᠠᠷᠢᠶᠠᠯᠠᠩᠴᠢ᠂《ᠪᠤᠯᠠᠭᠠᠨ ᠭᠣᠣᠯ ᠤᠨ ᠠᠯᠢᠮ᠎ᠠ》 ᠺᠤᠮᠫᠠᠨᠢ ᠶᠢᠨ ᠵᠠᠬᠢᠷᠤᠯ ᠬ∙ᠪᠠᠯᠵᠢᠨᠨᠢᠮ᠎ᠠ᠂ ᠲᠡᠭᠦᠨ ᠦ ᠬᠦᠦ ᠪ∙ᠡᠷᠳᠡᠨᠢᠪᠠᠶᠠᠷ ᠪᠣᠯᠤᠨ《ᠮᠣᠩᠭᠣᠯ ᠠᠯᠲᠠᠢ ᠶᠢᠨ ᠠᠯᠲᠠᠨ ᠠᠯᠢᠮ᠎ᠠ》ᠺᠤᠮᠫᠠᠨᠢ ᠶᠢᠨ ᠵᠠᠬᠢᠷᠤᠯ ᠰ∙ᠠᠷᠢᠭᠤᠨᠪᠠᠭᠠᠲᠤᠷ ᠨᠠᠷ ᠳᠤᠮᠳᠠᠭᠤᠪᠢ ᠠᠶᠢᠮᠠᠭ ᠤᠨ ᠲᠠᠷᠢᠶᠠᠯᠠᠩᠴᠢᠳ ᠤᠨ ᠬᠦᠰᠡᠯᠲᠡ ᠪᠡᠷ ᠢᠷᠡᠵᠦ᠂ 150 ᠭᠠᠷᠤᠢ ᠢᠷᠭᠡᠨ ᠳᠦ《ᠠᠯᠢᠮ᠎ᠠ ᠲᠠᠷᠢᠶᠠᠯᠠᠬᠤ ᠠᠷᠭ᠎ᠠ ᠵᠦᠢ》ᠰᠡᠳᠦᠪᠲᠦ ᠰᠤᠷᠭᠠᠯᠲᠠ ᠵᠣᠬᠢᠶᠠᠨ ᠪᠠᠶᠢᠭᠤᠯᠤᠭᠰᠠᠨ ᠲᠡᠳᠦᠢ ᠦᠭᠡᠢ᠂ ᠠᠯᠢᠮ᠎ᠠ ᠶᠢᠨ ᠰᠠᠭᠤᠯᠭᠠᠴᠠ ᠪᠠᠨ ᠬᠢᠮᠳᠠᠷᠠᠭᠤᠯᠤᠨ 35000 ᠲᠥᠭᠥᠷᠢᠭ ᠢᠶᠡᠷ ᠨᠡᠶᠢᠯᠡᠭᠦᠯᠬᠦ ᠪᠡᠷ ᠪᠣᠯᠤᠭᠰᠠᠨ ᠶᠤᠮ᠃
ᠲᠤᠰ ᠠᠶᠢᠮᠠᠭ ᠤᠨ ᠳᠡᠯᠭᠡᠷᠴᠣᠭᠲᠤ᠂ ᠪᠠᠶᠠᠨᠵᠢᠷᠭᠠᠯᠠᠩ᠂ ᠴᠠᠭᠠᠨᠳᠡᠯᠭᠡᠷ ᠰᠤᠮᠤ ᠶᠢᠨ ᠴᠡᠴᠡᠷᠯᠢᠭ᠂ ᠰᠠᠶᠢᠨᠴᠠᠭᠠᠨ ᠰᠤᠮᠤ ᠶᠢᠨ ᠴᠡᠭᠴᠡ ᠪᠢᠯᠢᠭ ᠰᠤᠷᠭᠠᠭᠤᠯᠢ ᠵᠡᠷᠭᠡ 100 ᠭᠠᠷᠤᠢ ᠡᠷᠦᠬᠡ ᠡᠶᠢᠨᠬᠦᠦ 579 ᠠᠯᠢᠮ᠎ᠠ ᠶᠢᠨ ᠮᠤᠳᠤ ᠲᠠᠷᠢᠭᠠᠳ ᠪᠠᠶᠢᠨ᠎ᠠ᠃ ᠳᠤᠮᠳᠠᠭᠤᠪᠢ ᠠᠶᠢᠮᠠᠭ ᠤᠨ ᠬᠤᠪᠢ ᠳᠤ ᠬᠥᠷᠦᠰᠦᠨ ᠦ ᠪᠦᠲᠦᠴᠡ ᠶᠢ ᠰᠠᠶᠢᠵᠢᠷᠠᠭᠤᠯᠬᠤ᠂ ᠤᠰᠤᠨ ᠤ ᠠᠰᠠᠭᠤᠳᠠᠯ ᠢ ᠰᠢᠢᠳᠪᠦᠷᠢᠯᠡᠬᠦ ᠱᠠᠭᠠᠷᠳᠠᠯᠭ᠎ᠠ ᠪᠠᠶᠢᠭ᠎ᠠ ᠴᠤ ᠨᠠᠷᠠᠨ ᠤ ᠲᠤᠰᠬᠠᠯ ᠰᠠᠶᠢᠲᠠᠢ᠂ ᠳᠤᠯᠠᠭᠠᠨ ᠠᠭᠤᠷ ᠠᠮᠢᠰᠬᠤᠯ ᠲᠠᠢ ᠪᠠᠶᠢᠭ᠎ᠠ ᠨᠢ ᠠᠯᠢᠮ᠎ᠠ ᠲᠠᠷᠢᠬᠤ ᠳᠤ ᠳᠠᠪᠠᠭᠤ ᠲᠠᠯ᠎ᠠ ᠪᠣᠯᠵᠤ ᠪᠠᠶᠢᠭ᠎ᠠ ᠶᠢ ᠰᠤᠷᠭᠠᠭᠴᠢ ᠪᠠᠭᠰᠢ ᠨᠠᠷ ᠣᠨᠴᠠᠯᠠᠵᠤ᠂ ᠬᠠᠮᠤᠭ ᠤᠨ ᠭᠣᠣᠯ ᠨᠢ ᠨᠥᠮᠥᠷᠢ ᠲᠡᠢ ᠭᠠᠵᠠᠷ ᠲᠠᠷᠢᠬᠤ ᠡᠰᠡᠪᠡᠯ ᠨᠥᠮᠥᠷᠢ ᠬᠢᠬᠦ ᠶᠢ ᠵᠥᠪᠯᠡᠵᠡᠢ᠃