ᠦᠨᠳᠦᠰᠦᠨ ᠦ ᠪᠢᠴᠢᠭ ᠦᠨ《ᠴᠠᠬᠢᠮ ᠪᠢᠴᠢᠪᠦᠷᠢ》 ᠦᠨ ᠤᠷᠤᠯᠳᠤᠭᠠᠨ ᠪᠤᠯᠪᠠ | News.MN

ᠦᠨᠳᠦᠰᠦᠨ ᠦ ᠪᠢᠴᠢᠭ ᠦᠨ《ᠴᠠᠬᠢᠮ ᠪᠢᠴᠢᠪᠦᠷᠢ》 ᠦᠨ ᠤᠷᠤᠯᠳᠤᠭᠠᠨ ᠪᠤᠯᠪᠠ

ᠮᠣᠩᠭᠣᠯ ᠤᠯᠤᠰ ᠤᠨ ᠵᠠᠰᠠᠭ ᠤᠨ ᠭᠠᠵᠠᠷ ᠤᠨ 2020 ᠣᠨ ᠤ 96 ᠳ᠋ᠤᠭᠠᠷ ᠲᠣᠭᠲᠠᠭᠠᠯ ᠢᠶᠠᠷ ᠪᠠᠲᠤᠯᠠᠭᠰᠠᠨ 《ᠮᠣᠩᠭᠣᠯ ᠪᠢᠴᠢᠭ ᠦᠨ ᠦᠨᠳᠦᠰᠦᠨ ᠦ ᠬᠥᠲᠥᠯᠪᠦᠷᠢ-III᠂ 《ᠮᠣᠩᠭᠣᠯ ᠬᠡᠯᠡᠨ ᠦ ᠲᠤᠬᠠᠢ ᠬᠠᠤᠯᠢ ᠶᠢ ᠬᠡᠷᠡᠭᠵᠢᠭᠦᠯᠬᠦ ᠵᠠᠷᠢᠮ ᠠᠷᠭ᠎ᠠ ᠬᠡᠮᠵᠢᠶᠡᠨ ᠦ ᠲᠤᠬᠠᠢ》 ᠵᠠᠰᠠᠭ ᠤᠨ ᠭᠠᠵᠠᠷ ᠤᠨ 2022 ᠣᠨ ᠤ 7 ᠳ᠋ᠤᠭᠠᠷ ᠲᠣᠭᠲᠠᠭᠠᠯ᠂ ︽ᠮᠣᠩᠭᠣᠯ ᠪᠢᠴᠢᠭ ᠢᠶᠡᠷ ᠦᠢᠯᠡᠳᠬᠦ ᠪᠠᠷᠢᠮᠲᠠ ᠪᠢᠴᠢᠭ ᠦᠨ ᠬᠡᠪᠯᠡᠮᠡᠯ ᠬᠠᠭᠤᠳᠠᠰᠤ᠂ ᠲᠡᠭᠦᠨ ᠦ ᠪᠦᠷᠢᠳᠦᠯ ᠳᠦ ᠲᠠᠯᠪᠢᠬᠤ ᠦᠨᠳᠦᠰᠦᠨ ᠱᠠᠭᠠᠷᠳᠠᠯᠭ᠎ᠠ᠄ MNS 6395᠄2022 ᠰᠲ᠋ᠠᠨᠳᠠᠷᠲ》 ᠢ ᠬᠡᠷᠡᠭᠵᠢᠭᠦᠯᠬᠦ ᠠᠵᠢᠯ ᠤᠨ ᠬᠦᠷᠢᠶᠡᠨ ᠳᠦ ᠭᠣᠪᠢ-ᠠᠯᠲᠠᠢ ᠠᠶᠢᠮᠠᠭ ᠤᠨ ᠵᠠᠰᠠᠭ ᠳᠠᠷᠤᠭ᠎ᠠ ᠶᠢᠨ ᠵᠠᠬᠢᠷᠤᠮᠵᠢ ᠪᠠᠷ ᠪᠠᠲᠤᠯᠠᠭᠰᠠᠨ ᠤᠳᠤᠷᠢᠳᠤᠮᠵᠢ ᠶᠢᠨ ᠳᠠᠭᠠᠤ ᠰᠤᠮᠤ᠂ ᠪᠠᠶᠢᠭᠤᠯᠤᠯᠭ᠎ᠠ ᠶᠢᠨ ᠲᠥᠷᠥ ᠶᠢᠨ ᠠᠯᠪᠠᠨ ᠬᠠᠭᠠᠭᠴᠢ᠂ ᠠᠷᠬᠢᠪ᠂ ᠠᠯᠪᠠᠨ ᠬᠡᠷᠡᠭ ᠬᠥᠲᠦᠯᠦᠯ ᠬᠠᠷᠢᠭᠤᠴᠠᠭᠰᠠᠨ ᠠᠵᠢᠯᠲᠠᠳ ᠤᠨ ᠳᠤᠮᠳᠠ ᠦᠨᠳᠦᠰᠦᠨ ᠦ ᠪᠢᠴᠢᠭ ᠦᠨ 《ᠴᠠᠬᠢᠮ ᠪᠢᠴᠢᠪᠦᠷᠢ》 ᠶᠢᠨ ᠤᠷᠤᠯᠳᠤᠭᠠᠨ ᠢ ᠲᠠᠪᠤᠳᠤᠭᠠᠷ ᠰᠠᠷ᠎ᠠ ᠶᠢᠨ 12  ᠳᠦ ᠵᠤᠬᠢᠶᠠᠨ ᠪᠠᠢᠭᠤᠯᠵᠠᠢ᠃
ᠤᠷᠤᠯᠳᠤᠭᠠᠨ ᠢ ᠠᠶᠢᠮᠠᠭ ᠤᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ᠂ ᠪᠤᠯᠪᠠᠰᠤᠷᠠᠯ ᠰᠢᠨᠵᠢᠯᠡᠬᠦ ᠤᠬᠠᠭᠠᠨ ᠤ ᠭᠠᠵᠠᠷ᠂ ᠰᠤᠶᠤᠯ ᠤᠷᠠᠯᠢᠭ ᠤᠨ ᠭᠠᠵᠠᠷ᠂ ᠨᠠᠰᠤᠨ ᠲᠤᠷᠰᠢ ᠶᠢᠨ ᠪᠣᠯᠪᠠᠰᠤᠷᠠᠯ ᠤᠨ ᠲᠥᠪ᠂ ᠲᠥᠷᠥ ᠶᠢᠨ ᠠᠷᠬᠢᠪ ᠤᠨ ᠲᠠᠰᠤᠭ ᠵᠡᠷᠭᠡ ᠪᠠᠶᠢᠭᠤᠯᠤᠯᠭ᠎ᠠ ᠬᠠᠮᠲᠤᠷᠠᠨ ᠵᠣᠬᠢᠶᠠᠨ ᠪᠠᠶᠢᠭᠤᠯᠤᠭᠰᠠᠨ ᠪᠠ 51 ᠪᠠᠶᠢᠭᠤᠯᠤᠯᠭ᠎ᠠ ᠶᠢᠨ 104 ᠠᠯᠪᠠᠨ ᠬᠠᠭᠠᠭᠴᠢ ᠣᠷᠣᠯᠴᠠᠵᠤ ᠥᠷᠢᠰᠦᠯᠳᠦᠯ᠎ᠡ᠃
ᠤᠷᠤᠯᠳᠤᠭᠠᠨ ᠳᠤ ᠰᠢᠯᠭᠠᠷᠠᠭᠰᠠᠨ ᠠᠯᠪᠠᠨ ᠬᠠᠭᠠᠭᠴᠢᠳ ᠢ ᠭᠤᠷᠪᠠᠨ ᠪᠠᠶᠢᠷᠢ ᠪᠠᠷ ᠲᠤᠰ ᠪᠦᠷᠢ ᠬᠣᠶᠠᠷ ᠠᠯᠪᠠ ᠬᠠᠭᠠᠭᠴᠢ ᠶᠢ ᠰᠢᠯᠭᠠᠷᠠᠭᠤᠯᠵᠤ᠂ ᠡᠷᠭᠦᠮᠵᠢᠯᠡᠯ᠂ ᠮᠥᠩᠭᠥᠨ ᠱᠠᠩᠨᠠᠯ ᠢᠶᠠᠷ ᠱᠠᠩᠨᠠᠬᠤ ᠠᠵᠡᠢ᠃

ᠰᠡᠳᠬᠢᠭᠳᠡᠯ ᠦᠯᠡᠳᠡᠭᠡᠬᠦ