ᠰᠤᠶᠤᠯ ᠤᠨ ᠶᠠᠮᠤᠨ᠂ ᠮᠣᠩᠭᠣᠯ ᠤᠨ ᠤᠷᠠᠴᠤᠳ ᠤᠨ ᠡᠪᠯᠡᠯ ᠬᠠᠮᠲᠤᠷᠠᠨ ᠵᠣᠬᠢᠶᠠᠨ ᠪᠠᠶᠢᠭᠤᠯᠵᠤ ᠪᠠᠶᠢᠭ᠎ᠠ《ᠳᠦᠷᠰᠦᠯᠡᠬᠦ ᠤᠷᠠᠯᠢᠭ ᠤᠨ ᠳᠣᠯᠣᠭ᠎ᠠ ᠬᠣᠨᠣᠭ》ᠪᠤᠶᠤ《Art week Ulaanbaatar 2023》ᠦᠵᠡᠰᠬᠦᠯᠡᠩ ᠢ ᠲᠠᠪᠤᠳᠤᠭᠠᠷ ᠰᠠᠷ᠎ᠠ ᠶᠢᠨ 24-31 ᠦ ᠬᠣᠭᠣᠷᠣᠨᠳᠣ ᠵᠣᠬᠢᠶᠠᠨ ᠪᠠᠶᠢᠭᠤᠯᠬᠤ ᠪᠠᠷ ᠪᠣᠯᠵᠠᠢ᠃
ᠠᠷᠭ᠎ᠠ ᠬᠡᠮᠵᠢᠶᠡᠨ ᠳᠦ ᠡᠨᠡ ᠵᠢᠯ ᠨᠡᠩ ᠣᠷᠴᠢᠨ ᠦᠶ᠎ᠡ ᠶᠢᠨ ᠪᠤᠶᠤ ᠺᠤᠨᠲ᠋ᠧᠮᠫᠤᠷᠠᠷᠢ ᠲᠥᠷᠥᠯ ᠢᠶᠡᠷ ᠤᠷᠠᠨ ᠪᠦᠲᠦᠭᠡᠯ ᠢᠶᠡᠨ ᠲᠤᠭᠤᠷᠪᠢᠳᠠᠭ ᠦᠶ᠎ᠡ ᠦᠶ᠎ᠡ ᠶᠢᠨ 40 ᠭᠠᠷᠤᠢ ᠤᠷᠠᠨ ᠪᠦᠲᠦᠭᠡᠯᠴᠢ ᠣᠷᠣᠯᠴᠠᠵᠤ ᠪᠠᠶᠢᠭ᠎ᠠ ᠶᠤᠮ᠃ ᠭᠤᠷᠪᠠᠳᠠᠬᠢ ᠵᠢᠯ ᠳᠦ ᠪᠡᠨ ᠵᠣᠬᠢᠶᠠᠨ ᠪᠠᠶᠢᠭᠤᠯᠤᠭᠳᠠᠵᠤ ᠪᠠᠶᠢᠭ᠎ᠠ ᠲᠤᠰ ᠠᠷᠭ᠎ᠠ ᠬᠡᠮᠵᠢᠶ᠎ᠡ ᠡᠨᠡ ᠵᠢᠯ ᠠᠩᠬ᠎ᠠ ᠤᠳᠠᠭ᠎ᠠ ᠪᠡᠶ᠎ᠡ ᠳᠠᠭᠠᠭᠠᠭᠰᠠᠨ ᠬᠥᠲᠥᠯᠪᠦᠷᠢ ᠪᠣᠯᠵᠤ ᠬᠠᠪᠤᠷ ᠵᠣᠬᠢᠶᠠᠨ ᠪᠠᠶᠢᠭᠤᠯᠤᠭᠳᠠᠵᠤ ᠪᠠᠶᠢᠨ᠎ᠠ᠃