ᠥᠨᠥᠳᠥᠷ︽ᠣᠯᠠᠨ ᠤᠯᠤᠰ ᠤᠨ ᠭᠡᠷ ᠪᠦᠯᠢ ᠶᠢᠨ ᠡᠳᠦᠷ︾ᠲᠣᠬᠢᠶᠠᠵᠤ ᠪᠠᠶᠢᠨ᠎ᠠ᠃ 2022 ᠣᠨ ᠤ ᠪᠠᠶᠢᠳᠠᠯ ᠢᠶᠠᠷ᠂ ᠮᠠᠨ ᠤ ᠤᠯᠤᠰ ᠲᠤ 17574 ᠬᠣᠣᠰ ᠭᠡᠷᠯᠡᠯᠲᠡ ᠪᠡᠨ ᠪᠦᠷᠢᠳᠬᠡᠭᠦᠯᠦᠭᠰᠡᠨ ᠪᠣᠯ 4553 ᠬᠣᠣᠰ ᠭᠡᠷᠯᠡᠯᠲᠡ ᠪᠡᠨ ᠴᠤᠴᠠᠯᠠᠭᠤᠯᠤᠭᠰᠠᠨ ᠪᠠᠶᠢᠨ᠎ᠠ᠃
ᠮᠠᠨ ᠤ ᠤᠯᠤᠰ ᠤᠨ 941.5 ᠮᠢᠩᠭᠠᠨ ᠡᠷᠦᠬᠡ ᠶᠢᠨ 85925︵9.1%︶ᠨᠢ 6 ᠠᠴᠠ ᠳᠡᠭᠡᠭᠰᠢ ᠠᠮᠠ ᠪᠦᠯᠢ ᠲᠡᠢ᠂ 34061 ︵3.6%︶ᠨᠢ 7 ᠠᠴᠠ ᠳᠡᠭᠡᠭᠰᠢ ᠠᠮᠠ ᠪᠦᠯᠢ ᠲᠡᠢ᠂ 15810︵1.7%︶ᠨᠢ 8 ᠠᠴᠠ ᠳᠡᠭᠡᠭᠰᠢ ᠠᠮᠠ ᠪᠦᠯᠢ ᠲᠡᠢ᠂ 7574︵0.8%︶ᠨᠢ 9 ᠡᠴᠡ ᠳᠡᠭᠡᠭᠰᠢ ᠠᠮᠠ ᠪᠦᠯᠢ ᠲᠡᠢ᠂ 7974︵0.8%︶ᠨᠢ 10 ᠠᠴᠠ ᠳᠡᠭᠡᠭᠰᠢ ᠠᠮᠠ ᠪᠦᠯᠢ ᠲᠡᠢ ᠡᠷᠦᠬᠡ ᠪᠠᠶᠢᠨ᠎ᠠ᠃