ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ ᠶᠡᠷᠦᠩᠬᠡᠢ ᠠᠰᠰᠠᠮᠪᠯᠧᠢ ᠶᠢᠨ ᠰᠢᠢᠳᠪᠦᠷᠢ ᠪᠡᠷ ᠵᠢᠯ ᠪᠦᠷᠢ ᠶᠢᠨ ᠲᠠᠪᠤᠳᠤᠭᠠᠷ ᠰᠠᠷ᠎ᠠ ᠶᠢᠨ 15 ᠤ ᠡᠳᠦᠷ ᠢ《ᠣᠯᠠᠨ ᠤᠯᠤᠰ ᠤᠨ ᠭᠡᠷ ᠪᠦᠯᠢ ᠶᠢᠨ ᠡᠳᠦᠷ》ᠪᠣᠯᠭᠠᠭᠰᠠᠨ ᠶᠤᠮ᠃ ᠡᠭᠦᠨ ᠢ ᠮᠠᠨ ᠤ ᠤᠯᠤᠰ 2003 ᠣᠨ ᠠᠴᠠ《ᠭᠡᠷ ᠪᠦᠯᠢ ᠶᠢᠨ ᠡᠳᠦᠷ》 ᠢ ᠲᠡᠮᠳᠡᠭᠯᠡᠬᠦ ᠪᠣᠯᠤᠭᠰᠠᠨ᠃
ᠡᠨᠡ ᠵᠢᠯ ᠨᠡᠶᠢᠰᠯᠡᠯ ᠦᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠤᠨ ᠳᠡᠮᠵᠢᠯᠭᠡ ᠲᠡᠢ ᠪᠡᠷ ᠨᠡᠶᠢᠰᠯᠡᠯ ᠦᠨ ᠭᠡᠷᠯᠡᠬᠦ ᠶᠣᠰᠣᠯᠠᠯ ᠤᠨ ᠣᠷᠳᠣᠨ ᠲᠠᠢ ᠬᠠᠮᠲᠤᠷᠠᠨ ᠬᠤᠶᠠᠳᠠᠬᠢ ᠵᠢᠯ ᠳᠦ ᠪᠡᠨ 《ᠳᠤᠷᠠᠰᠤᠮᠵᠢ》 ᠬᠤᠷᠢᠮ ᠤᠨ ᠶᠣᠰᠣᠯᠠᠯ ᠤᠨ ᠠᠷᠭ᠎ᠠ ᠬᠡᠮᠵᠢᠶ᠎ᠡ ᠶᠢ ᠵᠣᠬᠢᠶᠠᠨ ᠪᠠᠶᠢᠭᠤᠯᠪᠠ᠃ ᠥᠩᠭᠡᠷᠡᠭᠰᠡᠨ ᠣᠨ ᠳᠤ 60 ᠬᠣᠣᠰ ᠤᠨ ᠬᠤᠷᠢᠮ ᠤᠨ ᠶᠣᠰᠣᠯᠠᠯ ᠢ ᠵᠣᠬᠢᠶᠠᠨ ᠪᠠᠶᠢᠭᠤᠯᠤᠭᠰᠠᠨ ᠪᠣᠯ ᠡᠨᠡ ᠵᠢᠯ 46 ᠵᠠᠯᠠᠭᠤ ᠬᠣᠣᠰ ᠬᠤᠷᠢᠮ ᠢᠶᠠᠨ ᠬᠢᠪᠡ᠃ ᠲᠡᠭᠦᠨᠴᠢᠯᠡᠨ ᠡᠨᠡ ᠡᠳᠦᠷ ᠨᠡᠶᠢᠰᠯᠡᠯ ᠦᠨ ᠣᠨᠴᠠᠯᠠᠬᠤ ᠭᠡᠷ ᠪᠦᠯᠢ ᠶᠢ ᠰᠢᠯᠭᠠᠷᠠᠭᠤᠯᠤᠭᠰᠠᠨ ᠪᠠᠶᠢᠨ᠎ᠠ᠃
2023 ᠣᠨ ᠤ《ᠣᠨᠴᠠᠯᠠᠬᠤ ᠭᠡᠷ ᠪᠦᠯᠢ》᠄
ᠮ ∙ ᠰᠤᠰᠤᠷᠪᠠᠷᠠᠮ ᠤᠨ ᠭᠡᠷ ᠪᠦᠯᠢ︽ᠬᠦᠮᠦᠯᠢᠭ ᠦᠨ ᠦᠢᠯᠡᠰᠲᠡᠨ ᠭᠡᠷ ᠪᠦᠯᠢ︾᠂
ᠪ ∙ ᠪᠠᠲᠤᠪᠤᠯᠤᠳ ᠤᠨ ᠭᠡᠷ ᠪᠦᠯᠢ《ᠤᠶᠤᠨᠯᠢᠭ ᠭᠡᠷ ᠪᠦᠯᠢ》
ᠳ ∙ ᠬᠤᠶᠠᠭᠸ᠋ᠴᠢᠷ ᠤᠨ ᠭᠡᠷ ᠪᠦᠯᠢ︽ᠪᠦᠲᠦᠭᠡᠯᠴᠢ ᠭᠡᠷ ᠪᠦᠯᠢ︾
ᠮ ∙ ᠰᠢᠨᠡᠲᠦ᠋ᠷᠤ ᠶᠢᠨ ᠭᠡᠷ ᠪᠦᠯᠢ︽ᠰᠫᠤᠷᠲᠯᠢᠭ ᠭᠡᠷ ᠪᠦᠯᠢ︾
ᠳ ∙ ᠬᠠᠰᠴᠢᠯᠠᠭᠤᠨ ᠤ ᠭᠡᠷ ᠪᠦᠯᠢ︽ᠡᠺᠣ ᠭᠡᠷ ᠪᠦᠯᠢ ︾ ᠪᠠᠷ ᠲᠤᠰ ᠲᠤᠰ ᠰᠢᠯᠭᠠᠷᠠᠵᠠᠢ᠃