ᠶᠡᠬᠡ ᠬᠤᠷᠠᠯ ᠦᠨ ᠭᠡᠰᠢᠭᠦᠨ ᠦ ᠲᠤᠭ᠎ᠠ 99᠂ 108᠂ 123᠂ 134᠂ 152 ᠭᠡᠰᠡᠨ ᠲᠣᠭᠠᠨ ᠤ ᠠᠯᠢ ᠨᠢ ᠪᠤᠢ | News.MN

ᠶᠡᠬᠡ ᠬᠤᠷᠠᠯ ᠦᠨ ᠭᠡᠰᠢᠭᠦᠨ ᠦ ᠲᠤᠭ᠎ᠠ 99᠂ 108᠂ 123᠂ 134᠂ 152 ᠭᠡᠰᠡᠨ ᠲᠣᠭᠠᠨ ᠤ ᠠᠯᠢ ᠨᠢ ᠪᠤᠢ

ᠤᠯᠤᠰ ᠤᠨ ᠶᠡᠬᠡ ᠬᠤᠷᠠᠯ ᠤᠨ ᠳᠠᠷᠤᠭ᠎ᠠ ᠭ ∙ᠽᠠᠨᠳᠠᠨᠰᠢᠲᠠᠷ᠎ᠠ ᠥᠴᠥᠭᠡᠳᠦᠷ ᠤᠯᠤᠰ ᠤᠨ ᠶᠡᠬᠡ ᠬᠤᠷᠠᠯ ᠠᠴᠠ ᠤᠳᠤᠷᠢᠳᠤᠯᠭ᠎ᠠ ᠨᠢ ᠲᠣᠮᠢᠯᠠᠭᠳᠠᠳᠠᠭ ᠪᠠᠶᠢᠭᠤᠯᠤᠯᠭ᠎ᠠ ᠶᠢᠨ ᠤᠳᠤᠷᠢᠳᠤᠯᠭ᠎ᠠ ᠨᠠᠷ᠂ ᠶᠠᠮᠤᠳ ᠤᠨ ᠲᠥᠷᠥ ᠶᠢᠨ ᠨᠠᠷᠢᠨ ᠪᠢᠴᠢᠭ ᠦᠨ ᠳᠠᠷᠤᠭ᠎ᠠ ᠨᠠᠷ᠂ ᠵᠠᠰᠠᠭ ᠤᠨ ᠭᠠᠵᠠᠷ ᠤᠨ ᠠᠭᠧᠨᠲᠯᠢᠭ ᠤᠳ ᠤᠨ ᠳᠠᠷᠤᠭ᠎ᠠ ᠨᠠᠷ ᠲᠠᠢ ᠠᠭᠤᠯᠵᠠᠯᠲᠠ ᠬᠢᠵᠦ᠂ ᠦᠨᠳᠦᠰᠦᠨ ᠬᠠᠤᠯᠢ ᠶᠢᠨ ᠥᠭᠡᠷᠡᠴᠢᠯᠡᠯᠲᠡ ᠶᠢᠨ ᠲᠥᠰᠥᠯ ᠢ ᠲᠠᠨᠢᠯᠴᠠᠭᠤᠯᠤᠭᠰᠠᠨ᠃
ᠲᠡᠷᠡ᠄ ᠠᠩᠬ᠎ᠠ 1992 ᠣᠨ ᠳᠤ ᠴᠤ ᠫᠠᠷᠯᠠᠮᠧᠨᠲ 123᠂ 108᠂ 134᠂ 152 ᠭᠡᠰᠢᠭᠦᠨ ᠲᠡᠢ ᠪᠠᠶᠢᠬᠤ ᠭᠡᠳ ᠣᠯᠠᠨ ᠬᠤᠪᠢᠯᠪᠤᠷᠢ ᠶᠠᠷᠢᠭᠳᠠᠵᠤ ᠪᠠᠶᠢᠭᠰᠠᠨ᠃ ᠲᠤᠬᠠᠢ ᠶᠢᠨ ᠦᠶ᠎ᠡ ᠳᠦ ᠬᠦᠮᠦᠨ ᠠᠮᠠ ᠶᠢᠨ ᠲᠣᠭ᠎ᠠ 2.2 ᠰᠠᠶ᠎ᠠ᠂ ᠡᠭᠦᠨ ᠡᠴᠡ 1.1 ᠰᠠᠶ᠎ᠠ ᠨᠢ ᠰᠣᠩᠭᠣᠭᠤᠯᠢ ᠶᠢᠨ ᠨᠠᠰᠤᠨ ᠤ ᠢᠷᠭᠡᠳ ᠪᠠᠶᠢᠭᠰᠠᠨ ᠪᠣᠯ ᠥᠨᠥᠳᠥᠷ 3.4 ᠰᠠᠶ᠎ᠠ ᠢᠷᠭᠡᠨ ᠦ 2.2 ᠰᠠᠶ᠎ᠠ ᠨᠢ ᠰᠣᠩᠭᠣᠭᠤᠯᠢ ᠶᠢᠨ ᠨᠠᠰᠤᠨ ᠤ ᠬᠢᠨ ᠪᠠᠶᠢᠨ᠎ᠠ᠃ ᠬᠣᠶᠠᠷ ᠳᠠᠬᠢᠨ ᠥᠰᠦᠭᠰᠡᠨ᠂ ᠡᠶᠢᠮᠦ ᠦᠨᠳᠦᠰᠦᠯᠡᠯ ᠢᠶᠡᠷ ᠲᠥᠯᠥᠭᠡᠯᠡᠯ ᠦᠨ ᠵᠠᠷᠴᠢᠮ ᠢ ᠬᠠᠩᠭᠠᠬᠤ ᠱᠠᠭᠠᠷᠳᠠᠯᠭ᠎ᠠ ᠪᠠᠷ ᠫᠠᠷᠯᠠᠮᠧᠨᠲ ᠤᠨ ᠪᠦᠷᠢᠯᠳᠦᠬᠦᠨ ᠢ ᠬᠣᠶᠠᠷ ᠳᠠᠬᠢᠨ ᠥᠷᠭᠡᠵᠢᠭᠦᠯᠬᠦ ᠱᠠᠭᠠᠷᠳᠠᠯᠭ᠎ᠠ ᠡᠭᠦᠰᠦᠭᠡᠳ ᠪᠠᠶᠢᠨ᠎ᠠ᠃

ᠫᠠᠷᠯᠠᠮᠧᠨᠲ  ᠤᠨ ᠣᠳᠣ ᠶᠢᠨ ᠪᠦᠲᠦᠴᠡ ᠨᠢ ᠠᠪᠯᠢᠭ᠎ᠠ᠂ ᠨᠥᠯᠥᠭᠡᠯᠡᠯ ᠦᠨ ᠡᠷᠡᠰᠳᠡᠯ ᠥᠨᠳᠥᠷ ᠲᠡᠢ᠃ ᠲᠣᠭᠲᠠᠯᠴᠠᠭ᠎ᠠ᠂ ᠲᠣᠭ᠎ᠠ ᠶᠢ ᠥᠭᠡᠷᠡᠴᠢᠯᠡᠬᠦ ᠥᠭᠡᠷ᠎ᠡ ᠨᠢᠭᠡ ᠰᠢᠯᠲᠠᠭᠠᠨ ᠪᠣᠯ ᠰᠠᠨᠠᠯ ᠭᠡᠭᠡᠭᠳᠡᠳᠡᠭ ᠠᠰᠠᠭᠤᠳᠠᠯ ᠶᠤᠮ᠃ ᠠᠪᠯᠢᠭ᠎ᠠ ᠠᠴᠠ  ᠠᠩᠬᠢᠲᠠ᠂ ᠦᠷ᠎ᠡ ᠨᠥᠯᠥᠭᠡ ᠲᠡᠢ ᠰᠢᠢᠳᠪᠦᠷᠢ ᠭᠠᠷᠭᠠᠳᠠᠭ ᠭᠡᠵᠦ ᠠᠷᠠᠳ ᠨᠡᠶᠢᠲᠡ ᠳᠦ ᠪᠡᠨ ᠬᠦᠯᠢᠶᠡᠨ ᠵᠥᠪᠰᠢᠶᠡᠷᠡᠭᠳᠡᠭᠰᠡᠨ ᠫᠠᠷᠯᠠᠮᠧᠨᠲ  ᠤᠳ ᠤᠨ ᠵᠢᠱᠢᠭ ᠢ ᠬᠠᠷᠠᠬᠤ ᠳᠤ ᠳᠠᠩᠳᠠ 100 ᠍ ᠠᠴᠠ ᠳᠡᠭᠡᠭᠰᠢ ᠭᠡᠰᠢᠭᠦᠨ ᠲᠡᠢ ᠪᠠᠶᠢᠭ᠎ᠠ ᠭᠡᠵᠡᠢ᠃

ᠰᠡᠳᠬᠢᠭᠳᠡᠯ ᠦᠯᠡᠳᠡᠭᠡᠬᠦ