ᠬᠡᠦᠬᠡᠳ ᠦᠳ ᠮᠠᠰᠢᠨ ᠲᠡᠷᠭᠡ᠂ ᠮᠥᠩᠭᠥᠨ ᠡᠳ᠋ᠯᠡᠯ ᠬᠤᠯᠠᠭᠠᠶᠢᠯᠠᠵᠠᠢ | News.MN

ᠬᠡᠦᠬᠡᠳ ᠦᠳ ᠮᠠᠰᠢᠨ ᠲᠡᠷᠭᠡ᠂ ᠮᠥᠩᠭᠥᠨ ᠡᠳ᠋ᠯᠡᠯ ᠬᠤᠯᠠᠭᠠᠶᠢᠯᠠᠵᠠᠢ

ᠴᠠᠭᠳᠠᠭ᠎ᠠ ᠶᠢᠨ ᠪᠠᠶᠢᠭᠤᠯᠤᠯᠭ᠎ᠠ ᠳᠤ ᠡᠨᠡ ᠰᠠᠷ᠎ᠠ ᠶᠢᠨ 7 ᠍ ᠳᠦ ᠰᠣᠩᠭᠢᠨ᠎ᠠ ᠬᠠᠢᠷᠬᠠᠨ ᠳᠡᠭᠦᠷᠭᠡ ᠶᠢᠨ 29  ᠳ᠋ᠤᠭᠡᠷ ᠬᠣᠷᠢᠶᠠᠨ ᠤ ᠨᠤᠲᠤᠭ ᠳᠡᠪᠢᠰᠬᠡᠷ ᠲᠦ ᠵᠣᠭᠰᠣᠭᠠᠯ ᠳᠤ ᠪᠠᠶᠢᠭᠰᠠᠨ ᠮᠠᠰᠢᠨ ᠲᠡᠷᠭᠡ  ᠳᠤ ᠬᠤᠯᠠᠭᠠᠢ ᠣᠷᠣᠭᠰᠠᠨ ᠪᠠᠶᠢᠨ᠎ᠠ ᠭᠡᠬᠦ ᠳᠠᠭᠤᠳᠠᠯᠭ᠎ᠠ ᠢᠷᠡᠵᠡᠢ᠃ ᠮᠥᠨ 《Toyota Corolla》ᠮᠠᠷᠺ ᠤᠨ ᠲᠡᠭᠡᠭᠡᠪᠦᠷᠢ ᠶᠢᠨ ᠬᠡᠷᠡᠭᠰᠡᠯ ᠠᠯᠳᠠᠭᠳᠠᠭᠰᠠᠨ ᠭᠡᠬᠦ ᠮᠡᠳᠡᠭᠡᠯᠡᠯ ᠲᠤᠰ ᠲᠤᠰ ᠪᠦᠷᠢᠳᠬᠡᠭᠳᠡᠭᠰᠡᠨ ᠪᠠᠶᠢᠨ᠎ᠠ᠃
ᠳᠠᠭᠤᠳᠠᠯᠭ᠎ᠠ ᠶᠢᠨ ᠳᠠᠭᠠᠤ ᠲᠤᠰ ᠳᠡᠭᠦᠷᠭᠡ ᠶᠢᠨ ᠴᠠᠭᠳᠠᠭ᠎ᠠ ᠶᠢᠨ ᠭᠠᠵᠠᠷ ᠤᠨ ᠭᠤᠷᠪᠠᠳᠤᠭᠠᠷ ᠬᠡᠯᠲᠡᠰ ᠡᠴᠡ ᠮᠥᠷᠳᠡᠨ ᠰᠢᠯᠭᠠᠬᠤ ᠠᠵᠢᠯᠯᠠᠭ᠎ᠠ ᠶᠠᠪᠤᠭᠤᠯᠵᠤ ᠢᠷᠭᠡᠨ《ᠴ 》 ᠤᠨ ᠡᠵᠡᠮᠰᠢᠯ ᠦᠨ《Toyota Prius》ᠮᠠᠷᠺ ᠤᠨ ᠲᠡᠭᠡᠭᠡᠪᠦᠷᠢ ᠶᠢᠨ ᠬᠡᠷᠡᠭᠰᠡᠯ ᠡᠴᠡ ᠮᠥᠩᠭᠥᠨ ᠠᠶᠠᠭ᠎ᠠ᠂ ᠮᠥᠩᠭᠥᠨ ᠪᠥᠭᠡᠵᠢ ᠵᠡᠷᠭᠡ ᠡᠳ᠋ ᠵᠦᠢᠯ᠂ ᠮᠥᠨ ᠢᠷᠭᠡᠨ 《ᠮ》 ᠦᠨ ᠡᠵᠡᠮᠰᠢᠯ ᠦᠨ 《Toyota Corolla》ᠮᠠᠷᠺ ᠤᠨ ᠲᠡᠭᠡᠭᠡᠪᠦᠷᠢ ᠶᠢᠨ ᠬᠡᠷᠡᠭᠰᠡᠯ ᠠᠯᠳᠠᠭᠳᠠᠭᠰᠠᠨ ᠬᠡᠷᠡᠭ ᠢ 14-15 ᠨᠠᠰᠤᠨ ᠤ ᠡᠷᠡᠭᠲᠡᠢ ᠬᠡᠤᠬᠡᠳ《ᠨ》᠂《ᠱ》 ᠨᠠᠷ ᠦᠢᠯᠡᠳᠦᠭᠰᠡᠨ ᠢ ᠡᠷᠢᠨ ᠰᠤᠷᠪᠤᠯᠵᠢᠯᠠᠵᠤ ᠢᠯᠡᠷᠡᠭᠦᠯᠦᠨ ᠮᠥᠷᠳᠡᠨ ᠰᠢᠯᠭᠠᠬᠤ ᠠᠵᠢᠯᠯᠠᠭ᠎ᠠ ᠶᠠᠪᠤᠭᠤᠯᠵᠤ ᠪᠠᠶᠢᠨ᠎ᠠ᠃

ᠰᠡᠳᠬᠢᠭᠳᠡᠯ ᠦᠯᠡᠳᠡᠭᠡᠬᠦ