ᠰᠡᠳᠬᠢᠴᠡ ᠶᠢᠨ ᠡᠷᠡᠭᠦᠯ ᠮᠡᠨᠳᠦ ᠶᠢᠨ ᠲᠤᠰᠠᠯᠠᠮᠵᠢ ᠦᠢᠯᠡᠴᠢᠯᠡᠭᠡ ᠶᠢ ᠴᠠᠭ ᠠᠯᠳᠠᠯ ᠦᠭᠡᠢ ᠬᠦᠷᠭᠡᠬᠦ ᠡᠭᠦᠷᠭᠡᠲᠦ ᠠᠵᠢᠯ ᠤᠨ ᠬᠠᠵᠠᠭᠤ ᠪᠠᠷ ᠡᠷᠳᠡᠮ ᠰᠤᠳᠤᠯᠤᠯ ᠤᠨ ᠠᠵᠢᠯ ᠳᠤ ᠴᠠᠭ ᠵᠠᠪ ᠢᠶᠠᠨ ᠵᠣᠷᠢᠭᠤᠯᠤᠨ ᠵᠢᠳᠬᠦᠵᠦ ᠪᠤᠢ ᠡᠮᠴᠢᠯᠡᠬᠦ᠂ ᠰᠤᠳᠤᠯᠬᠤ ᠬᠣᠣᠰ ᠮᠣᠷᠢ ᠲᠠᠢ ᠡᠮᠴᠢ ᠨᠠᠷ ᠳᠡᠯᠡᠬᠡᠢ ᠳᠦ ᠦᠨᠡᠯᠡᠭᠳᠡᠭᠰᠡᠨ ᠰᠠᠶᠢᠬᠠᠨ ᠮᠡᠳᠡᠭᠡ ᠶᠢ ᠬᠤᠪᠢᠶᠠᠯᠴᠠᠵᠤ ᠪᠠᠶᠢᠨ᠎ᠠ᠃
ᠳᠡᠯᠡᠬᠡᠢ ᠶᠢᠨ ᠰᠡᠳᠬᠢᠴᠡ ᠶᠢᠨ ᠬᠣᠯᠪᠣᠭᠠᠨ ᠠᠴᠠ ᠡᠨᠡ ᠰᠠᠷ᠎ᠠ ᠶᠢᠨ 5-7 ᠍ ᠳᠦ ᠵᠣᠬᠢᠶᠠᠨ ᠪᠠᠶᠢᠭᠤᠯᠤᠭᠰᠠᠨ 《Innovations in the treatment ᠊ psychosocial rehabilitation》ᠣᠯᠠᠨ ᠤᠯᠤᠰ ᠤᠨ ᠬᠤᠷᠠᠯ ᠤᠨ ᠬᠠᠨ᠎ᠠ ᠶᠢᠨ ᠢᠯᠡᠳᠬᠡᠯ ᠦᠨ ᠲᠥᠷᠥᠯ ᠳᠦ ᠰᠡᠳᠭᠢᠴᠡ ᠶᠢᠨ ᠡᠷᠡᠭᠦᠯ ᠮᠡᠨᠳᠦ ᠶᠢᠨ ᠦᠨᠳᠦᠰᠦᠨ ᠦ ᠲᠦᠪ ᠍ ᠦᠨ ᠡᠮᠴᠢ ᠲ ∙ ᠰᠠᠷᠠᠨᠴᠡᠴᠡᠭ《Some Mental issues of Female Prisoners》 ᠰᠤᠳᠤᠯᠭᠠᠨ ᠤ ᠠᠵᠢᠯ ᠢᠶᠠᠷ ᠂ ᠡᠮᠴᠢ ᠰ ∙ ᠪᠠᠶᠢᠭᠠᠯᠮᠠ 《Some Mental Health Issues of Offenders who Convicted to Drug Related Crimes》ᠰᠤᠳᠤᠯᠭᠠᠨ ᠤ ᠠᠵᠢᠯ ᠢᠶᠠᠷ ᠲᠤᠰ ᠲᠤᠰ ᠭᠤᠷᠪᠠᠳᠤᠭᠠᠷ ᠪᠠᠶᠢᠷᠢ ᠶᠢᠨ ᠡᠵᠡᠨ ᠪᠣᠯᠤᠭᠰᠠᠨ ᠪᠠᠶᠢᠨ᠎ᠠ᠃