45 ᠮᠢᠩᠭ᠎ᠠ ᠭᠠᠷᠤᠢ ᠬᠦᠮᠦᠨ《ᠳᠡᠯᠡᠬᠡᠢ ᠶᠢᠨ ᠵᠥᠩ》 ᠪᠠᠢᠭᠤᠯᠤᠯᠭ᠎ᠠ ᠶᠢ ᠦᠷ᠎ᠡ ᠰᠢᠮ᠎ᠡ ᠶᠢ ᠬᠦᠷᠲᠡᠵᠡᠢ | News.MN

45 ᠮᠢᠩᠭ᠎ᠠ ᠭᠠᠷᠤᠢ ᠬᠦᠮᠦᠨ《ᠳᠡᠯᠡᠬᠡᠢ ᠶᠢᠨ ᠵᠥᠩ》 ᠪᠠᠢᠭᠤᠯᠤᠯᠭ᠎ᠠ ᠶᠢ ᠦᠷ᠎ᠡ ᠰᠢᠮ᠎ᠡ ᠶᠢ ᠬᠦᠷᠲᠡᠵᠡᠢ

《ᠳᠡᠯᠡᠬᠡᠢ ᠶᠢᠨ ᠵᠥᠩ》ᠣᠯᠠᠨ ᠤᠯᠤᠰ ᠤᠨ ᠪᠠᠶᠢᠭᠤᠯᠤᠯᠭ᠎ᠠ ᠬᠣᠪᠳᠣ ᠠᠶᠢᠮᠠᠭ ᠲᠤ 2007 ᠣᠨ ᠠᠴᠠ ᠬᠣᠶᠢᠰᠢ 16 ᠳ᠋ᠠᠬᠢ ᠵᠢᠯ ᠳᠦ ᠪᠡᠨ ᠦᠢᠯᠡ ᠠᠵᠢᠯᠯᠠᠭ᠎ᠠ ᠶᠠᠪᠤᠭᠤᠯᠵᠤ ᠪᠠᠶᠢᠨ᠎ᠠ᠃ ᠡᠨᠡ ᠬᠤᠭᠤᠴᠠᠭᠠᠨ ᠳᠤ ᠬᠡᠦᠬᠡᠳ ᠬᠠᠮᠠᠭᠠᠯᠠᠯ᠂ ᠪᠣᠯᠪᠠᠰᠤᠷᠠᠯ᠂ ᠡᠷᠡᠭᠦᠯ ᠮᠡᠨᠳᠦ᠂ ᠡᠷᠦᠬᠡ ᠶᠢᠨ ᠠᠮᠢᠵᠢᠷᠠᠭ᠎ᠠ ᠶᠢ ᠳᠡᠮᠵᠢᠬᠦ ᠭᠡᠬᠦ ᠮᠡᠲᠦ ᠣᠯᠠᠨ ᠴᠢᠭᠯᠡᠯ ᠢᠶᠡᠷ ᠲᠥᠰᠥᠯ ᠬᠡᠷᠡᠭᠵᠢᠭᠦᠯᠦᠭᠰᠡᠨ ᠪᠢᠯᠡ᠃
ᠥᠨᠥᠳᠥᠷ  ᠲᠡᠳᠡ《ᠬᠠᠮᠲᠤ ᠳᠤ ᠪᠠᠨ ᠬᠥᠭᠵᠢᠭᠰᠡᠨ 16 ᠵᠢᠯ》ᠰᠡᠳᠦᠪᠲᠦ ᠲᠠᠯᠠᠷᠬᠠᠯ ᠤᠨ ᠡᠳᠦᠷᠯᠢᠭ ᠵᠣᠬᠢᠶᠠᠨ ᠪᠠᠶᠢᠭᠤᠯᠤᠯ᠎ᠠ᠃
ᠬᠣᠪᠳᠣ ᠠᠶᠢᠮᠠᠭ ᠲᠤ ᠬᠡᠷᠡᠭᠵᠢᠭᠦᠯᠵᠦ ᠪᠤᠢ ᠲᠥᠰᠥᠯ᠂ ᠬᠥᠲᠥᠯᠪᠦᠷᠢ ᠶᠢᠨ ᠭᠡᠷ᠎ᠡ ᠨᠢ ᠡᠨᠡ ᠣᠨ ᠳᠤ ᠳᠠᠭᠤᠰᠬᠤ ᠪᠦᠭᠡᠳ ᠥᠩᠭᠡᠷᠡᠭᠰᠡᠨ ᠬᠤᠭᠤᠴᠠᠭᠠᠨ ᠳᠤ 45 ᠮᠢᠩᠭ᠎ᠠ ᠭᠠᠷᠤᠢ ᠬᠦᠮᠦᠨ ᠳᠦ ᠲᠥᠰᠥᠯ ᠦᠨ ᠦᠷ᠎ᠡ ᠦᠭᠭᠦᠭᠡᠵᠢ ᠶᠢ ᠬᠦᠷᠭᠡᠨ ᠠᠵᠢᠯᠯᠠᠵᠠᠢ᠃

ᠰᠡᠳᠬᠢᠭᠳᠡᠯ ᠦᠯᠡᠳᠡᠭᠡᠬᠦ