ᠶᠡᠷᠦᠩᠬᠡᠢ ᠰᠠᠶᠢᠳ ᠯ∙ᠤᠶᠤᠡᠡᠷᠳᠡᠨᠢ 2022 ᠣᠨ ᠤ ᠡᠪᠦᠯ ᠦᠨ ᠣᠯᠢᠮᠫ ᠤᠨ ᠨᠡᠭᠡᠭᠡᠯᠲᠡ ᠳᠦ ᠣᠷᠣᠯᠴᠠᠭᠰᠠᠨ ᠠᠴᠠ ᠬᠣᠶᠢᠰᠢ ᠤᠷᠳᠤ ᠬᠥᠷᠰᠢ ᠳᠦ ᠠᠶᠢᠯᠴᠢᠯᠠᠭᠠ ᠦᠭᠡᠢ᠃ ᠲᠡᠭᠡᠪᠡᠯ ᠡᠨᠡ ᠰᠠᠷ᠎ᠠ ᠳᠤ ᠪᠠᠨ ᠪᠠᠭᠲᠠᠭᠠᠨ ᠬᠢᠲᠠᠳ ᠲᠤ ᠠᠢᠯᠴᠢᠯᠠᠬᠤ ᠶᠤᠮ ᠪᠠᠶᠢᠨ᠎ᠠ᠃ ᠠᠶᠢᠯᠴᠢᠯᠠᠯ ᠤᠨ ᠦᠶ᠎ᠡ ᠪᠡᠷ 1955 ᠣᠨ ᠳᠤ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠲᠠᠢ ᠪᠠᠶᠢᠭᠤᠯᠤᠭᠰᠠᠨ ᠲᠡᠮᠦᠷ ᠵᠠᠮ ᠤᠨ ᠭᠡᠷ᠎ᠡ ᠳᠦ ᠥᠭᠡᠷᠡᠴᠢᠯᠡᠯᠲᠡ ᠣᠷᠣᠭᠤᠯᠵᠤ᠂ ᠭᠠᠷ ᠤᠨ ᠦᠰᠦᠭ ᠵᠤᠷᠠᠬᠤ ᠪᠠᠷ ᠲᠥᠯᠥᠪᠯᠡᠵᠦ ᠪᠠᠶᠢᠭ᠎ᠠ ᠭᠡᠳᠡᠭ ᠢ ᠡᠳ᠋ ᠦᠨ ᠵᠠᠰᠠᠭ᠂ ᠬᠥᠭᠵᠢᠯ ᠦᠨ ᠰᠠᠶᠢᠳ ᠴ∙ ᠬᠦᠷᠡᠯᠪᠠᠭᠠᠲᠤᠷ ᠬᠡᠯᠡᠯ᠎ᠡ᠃
ᠲᠡᠷᠡ ᠪᠡᠷ᠄ ᠬᠠᠩᠭᠢ ᠪᠣᠭᠣᠮᠲᠠ ᠶᠢ ᠬᠢᠲᠠᠳ ᠦᠨ ᠲᠡᠮᠦᠷ ᠵᠠᠮ ᠲᠠᠢ ᠬᠣᠯᠪᠣᠬᠤ ᠪᠠᠷ ᠶᠠᠷᠢᠶ᠎ᠠ ᠬᠡᠯᠡᠯᠴᠡᠭᠡ ᠬᠢᠬᠦ ᠠᠵᠢᠯ ᠡᠷᠴᠢᠮᠲᠡᠢ ᠰᠢᠭᠤᠷᠬᠠᠢ ᠶᠠᠪᠤᠵᠤ ᠪᠠᠶᠢᠭ᠎ᠠ᠃ 1955 ᠣᠨ ᠤ ᠲᠡᠮᠦᠷ ᠵᠠᠮ ᠤᠨ ᠭᠡᠷ᠎ᠡ ᠳᠦ ᠵᠥᠪᠬᠡᠨ ᠵᠠᠮ ᠤᠨ ᠡᠭᠦᠳᠡ ᠶᠢᠨ ᠪᠣᠭᠣᠮᠲᠠ ᠪᠠᠷ ᠬᠣᠶᠠᠷ ᠤᠯᠤᠰ ᠲᠡᠮᠦᠷ ᠵᠠᠮ ᠢᠶᠠᠷ ᠬᠤᠯᠪᠤᠭᠳᠠᠬᠤ ᠪᠠᠷ ᠲᠤᠰᠬᠠᠭᠰᠠᠨ ᠪᠠᠶᠢᠳᠠᠭ ᠶᠤᠮ᠃ ᠡᠭᠦᠨ ᠳᠡᠭᠡᠷ᠎ᠡ ᠨᠡᠮᠡᠭᠡᠳ ᠬᠠᠩᠭᠢ᠂ ᠭᠠᠰᠢᠭᠤᠨᠰᠤᠬᠠᠢᠲᠤ᠂ ᠪᠢᠴᠢᠭᠲᠦ ᠶᠢᠨ ᠪᠣᠭᠣᠮᠲᠠ ᠨᠡᠮᠡᠭᠳᠡᠨ᠎ᠡ᠃
ᠭᠠᠰᠢᠭᠤᠨᠰᠤᠬᠠᠢᠲᠤ ᠶᠢᠨ ᠲᠡᠮᠦᠷ ᠵᠠᠮ ᠤᠨ ᠲᠤᠬᠠᠢ ᠳᠤ ᠵᠥᠷᠢᠭᠰᠡᠨ ᠬᠡᠰᠡᠭ ᠦᠨ ᠵᠢᠷᠤᠭ ᠲᠥᠰᠥᠯ ᠢ ᠭᠠᠷᠭᠠᠵᠤ ᠬᠤᠯᠪᠤᠬᠤ ᠠᠵᠢᠯ ᠦᠯᠡᠳᠡᠭᠡᠳ ᠪᠠᠶᠢᠭ᠎ᠠ᠃ ᠡᠭᠦᠨ ᠢ ᠡᠨᠡ ᠤᠨ ᠳᠤ ᠪᠠᠨ ᠪᠠᠭᠲᠠᠭᠠᠵᠤ ᠬᠢᠨ᠎ᠡ᠃ ᠪᠢᠴᠢᠭᠲᠦ ᠶᠢᠨ ᠲᠡᠮᠦᠷ ᠵᠠᠮ ᠢ ᠺᠣᠨᠼᠧᠰ ᠢᠶᠠᠷ ᠭᠦᠢᠴᠡᠳᠭᠡᠬᠦ ᠪᠡᠷ ᠬᠤᠪᠢ ᠶᠢ ᠬᠡᠪᠰᠢᠯ ᠳᠦ ᠥᠭᠭᠦᠭᠡᠳ ᠠᠵᠢᠯ ᠨᠢ ᠡᠬᠢᠯᠡᠵᠦ ᠪᠠᠶᠢᠭ᠎ᠠ ᠭᠡᠰᠡᠨ ᠶᠤᠮ᠃