ᠮᠣᠩᠭᠣᠯ ᠤᠯᠤᠰ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ ᠬᠦᠨᠡᠰᠦ᠂ ᠬᠥᠳᠡᠭᠡ ᠠᠵᠤ ᠠᠬᠤᠢ ᠶᠢᠨ ᠪᠠᠶᠢᠭᠤᠯᠤᠯᠭ᠎ᠠ ᠳᠤ ᠭᠡᠰᠢᠭᠦᠨ ᠢᠶᠡᠷ ᠨᠢᠭᠡᠳᠴᠦ ᠣᠷᠣᠭᠰᠠᠨ ᠤ 50 ᠵᠢᠯ ᠦᠨ ᠣᠢ ᠶᠢᠨ ᠬᠦᠷᠢᠶᠡᠨ ᠳᠦ ︽ᠳᠡᠯᠡᠬᠡᠢ ᠶᠢᠨ ᠰᠦᠨ ᠦ ᠡᠳᠦᠷ︾ ᠢ ᠤᠭᠲᠤᠨ ᠠᠽᠢᠶ᠎ᠠ ᠲᠢᠪ ᠦᠨ ᠰᠦᠨ ᠦ ᠲᠦᠩᠰᠢᠯᠡᠯ ᠦᠨ ᠨᠠᠷᠢᠨ ᠪᠢᠴᠢᠭ ᠦᠨ ᠳᠠᠷᠤᠭ᠎ᠠ ᠨᠠᠷ ᠤᠨ ᠭᠠᠵᠠᠷ ᠠᠴᠠ ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠶᠢᠨ ᠶᠠᠮᠤᠨ᠂ ᠣᠯᠠᠨ ᠤᠯᠤᠰ ᠤᠨ ᠰᠦᠨ ᠦ ᠬᠣᠯᠪᠣᠭ᠎ᠠ᠂ ᠡᠨᠡᠳᠬᠡᠭ ᠤᠯᠤᠰ ᠤᠨ ᠢᠮᠠᠭ᠎ᠠ ᠰᠤᠳᠤᠯᠤᠯ ᠤᠨ ᠲᠥᠪ ᠬᠦᠷᠢᠶᠡᠯᠡᠩ᠂ ᠬᠢᠲᠠᠳ ᠤᠨ ᠮᠠᠯ ᠠᠵᠤ ᠠᠬᠤᠢ ᠶᠢᠨ ᠠᠰᠰᠣᠴᠢᠶᠠᠴ᠂ ᠢᠰᠷᠸᠯ ᠤᠯᠤᠰ ᠤᠨ ᠰᠦᠨ ᠦ ᠰᠤᠷᠭᠠᠭᠤᠯᠢ ᠲᠠᠢ ᠬᠠᠮᠲᠤᠷᠠᠨ ᠠᠽᠢᠶ᠎ᠠ ᠲᠢᠪ ᠦᠨ ᠰᠦᠨ ᠦ ᠲᠦᠩᠰᠢᠯᠡᠯ ᠦᠨ ᠡᠭᠡᠯᠵᠢᠲᠦ ᠬᠡᠯᠡᠯᠴᠡᠭᠦᠯᠭᠡ ᠶᠢ《ᠢᠮᠠᠭᠠᠨ ᠤ ᠠᠵᠤ ᠠᠬᠤᠢ᠂ ᠰᠦ ᠦᠢᠯᠡᠳᠪᠦᠷᠢᠯᠡᠯ》ᠰᠡᠳᠦᠪ ᠢᠶᠠᠷ 05 ᠳ᠋ᠤᠭᠠᠷ ᠰᠠᠷ᠎ᠠ ᠶᠢᠨ 30 ᠍ ᠤ ᠡᠳᠦᠷ ᠦᠨ 14.00-16.00 ᠴᠠᠭ ᠲᠤ ᠴᠠᠬᠢᠮ ᠬᠡᠯᠪᠡᠷᠢ ᠪᠡᠷ ᠵᠣᠬᠢᠶᠠᠨ ᠪᠠᠶᠢᠭᠤᠯᠤᠨ᠎ᠠ᠃
ᠲᠤᠰ ᠠᠷᠭ᠎ᠠ ᠬᠡᠮᠵᠢᠶᠡᠨ ᠳᠦ ᠠᠽᠢᠶ᠎ᠠ ᠲᠢᠪ ᠦᠨ ᠰᠦᠨ ᠦ ᠲᠦᠩᠰᠢᠯᠡᠯ ᠦᠨ ᠭᠡᠰᠢᠭᠦᠨ ᠤᠯᠤᠰ ᠣᠷᠣᠨ ᠨᠤᠭᠤᠳ ᠤᠷᠤᠯᠴᠠᠬᠤ ᠪᠥᠭᠡᠳ ᠮᠣᠩᠭᠣᠯ᠂ ᠡᠨᠡᠳᠬᠡᠭ᠂ ᠬᠢᠲᠠᠳ᠂ ᠪᠠᠩᠭᠠᠯᠳᠧᠱ᠂ ᠢᠨᠳᠤᠨᠢᠰᠢᠶ᠎ᠠ ᠤᠯᠤᠰ ᠤᠨ ᠢᠮᠠᠭᠠᠨ ᠤ ᠠᠵᠤ ᠠᠬᠤᠢ᠂ ᠰᠦ ᠦᠢᠯᠡᠳᠪᠦᠷᠢᠯᠡᠯ ᠦᠨ ᠥᠨᠥ ᠶᠢᠨ ᠪᠠᠶᠢᠳᠠᠯ᠂ ᠪᠠᠷᠢᠮᠲᠠᠯᠠᠵᠤ ᠪᠠᠶᠢᠭ᠎ᠠ ᠪᠣᠳᠣᠯᠭ᠎ᠠ᠂ ᠠᠷᠭ᠎ᠠ ᠬᠡᠮᠵᠢᠶ᠎ᠡ᠂ ᠲᠤᠯᠭᠠᠮᠳᠠᠭᠰᠠᠨ ᠠᠰᠠᠭᠤᠳᠠᠯ᠂ ᠬᠥᠭᠵᠢᠯ ᠦᠨ ᠪᠣᠯᠤᠮᠵᠢ᠂ ᠬᠠᠮᠲᠤ ᠶᠢᠨ ᠠᠵᠢᠯᠯᠠᠭᠠᠨ ᠤ ᠲᠠᠯ᠎ᠠ ᠪᠠᠷ ᠬᠡᠯᠡᠯᠴᠡᠨ᠎ᠡ᠃