ᠠᠽᠢᠶ᠎ᠠ ᠶᠢᠨ ᠹᠢᠽᠢᠺ ᠦᠨ ᠬᠤᠷᠢᠨ ᠭᠤᠷᠪᠠᠳᠤᠭᠠᠷ ᠣᠯᠢᠮᠫᠢᠶᠠᠳ᠋ ᠤᠯᠠᠭᠠᠨᠪᠠᠭᠠᠲᠤᠷ ᠲᠤ ᠪᠤᠯᠤᠨ᠎ᠠ | News.MN

ᠠᠽᠢᠶ᠎ᠠ ᠶᠢᠨ ᠹᠢᠽᠢᠺ ᠦᠨ ᠬᠤᠷᠢᠨ ᠭᠤᠷᠪᠠᠳᠤᠭᠠᠷ ᠣᠯᠢᠮᠫᠢᠶᠠᠳ᠋ ᠤᠯᠠᠭᠠᠨᠪᠠᠭᠠᠲᠤᠷ ᠲᠤ ᠪᠤᠯᠤᠨ᠎ᠠ

ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠢᠪᠡᠭᠡᠯ ᠳᠣᠣᠷ᠎ᠠ 5 ᠳ᠋ᠤᠭᠠᠷ ᠰᠠᠷ᠎ᠠ ᠶᠢᠨ 22-30 ᠍ ᠳᠦ ᠤᠯᠠᠭᠠᠨᠪᠠᠭᠠᠲᠤᠷ ᠬᠤᠲᠠ ᠳᠤ ᠵᠣᠬᠢᠶᠠᠨ ᠪᠠᠢᠭᠤᠯᠤᠭᠳᠠᠬᠤ ᠠᠽᠢᠶ᠎ᠠ ᠶᠢᠨ ᠹᠢᠽᠢᠺ ᠦᠨ ᠬᠤᠷᠢᠨ ᠭᠤᠷᠪᠠᠳᠤᠭᠠᠷ ᠣᠯᠢᠮᠫᠢᠶᠠᠳ᠋ ᠍ ᠲᠤ ᠤᠷᠢᠳᠴᠢᠯᠠᠭᠰᠠᠨ ᠪᠠᠶᠢᠳᠠᠯ ᠢᠶᠠᠷ 30 ᠭᠠᠷᠤᠢ ᠣᠷᠣᠨ ᠤ 240 ᠰᠤᠷᠤᠭᠴᠢ᠂ 80 ᠪᠠᠭᠰᠢ᠂ ᠡᠷᠳᠡᠮᠲᠡᠨ᠂ ᠫᠷᠣᠹᠧᠰᠰᠣᠷ ᠣᠷᠣᠯᠴᠠᠬᠤ ᠪᠠᠷ ᠪᠥᠷᠢᠳᠬᠡᠭᠦᠯᠦᠭᠡᠳ ᠪᠠᠶᠢᠭ᠎ᠠ ᠶᠤᠮ᠃  ᠡᠭᠦᠨ ᠳᠦ᠂ ᠨᠣᠪᠧᠯ ᠤᠨ ᠱᠠᠩᠨᠠᠯᠲᠤ ᠡᠷᠳᠡᠮᠲᠡᠨ ᠺ∙ᠨᠤᠸᠤᠰᠧᠯᠤᠪ ᠤᠷᠢᠯᠭ᠎ᠠ ᠪᠠᠷ ᠤᠷᠤᠯᠴᠠᠨ᠎ᠠ᠃
ᠺᠣᠨᠰᠲ᠋ᠠᠨᠲ᠋ᠢᠨ ᠨᠤᠸᠤᠰᠧᠯᠤᠪ ᠨᠢ 2010 ᠣᠨ ᠳᠤ ᠣᠷᠣᠰ ᠭᠠᠷᠤᠯᠲᠠᠢ Andre Geim ᠤᠨ ᠬᠠᠮᠲᠤ ᠬᠣᠶᠠᠷ ᠬᠡᠮᠵᠢᠶᠡᠰᠳᠦ ᠭᠷᠠᠹᠧᠨ ᠮᠠᠲ᠋ᠧᠷᠢᠶᠠᠯ ᠤᠨ ᠠᠩᠬᠠᠨ ᠤ ᠲᠤᠷᠰᠢᠯᠲᠠ ᠨᠤᠭᠤᠳ ᠬᠢᠭᠰᠡᠨ ᠤ ᠤᠴᠢᠷ ᠹᠢᠽᠢᠺ ᠦᠨ ᠰᠠᠯᠪᠤᠷᠢ ᠳᠤ ᠨᠣᠪᠧᠯ ᠤᠨ ᠱᠠᠩᠨᠠᠯ ᠠᠪᠤᠭᠰᠠᠨ ᠡᠷᠳᠡᠮᠲᠡᠨ ᠶᠤᠮ᠃

ᠮᠣᠩᠭᠣᠯ ᠤᠯᠤᠰ 2008 ᠣᠨ ᠳᠤ ᠠᠽᠢᠶ᠎ᠠ ᠶᠢᠨ ᠹᠢᠽᠢᠺ ᠦᠨ ᠶᠢᠰᠦᠳᠦᠭᠡᠷ ᠣᠯᠢᠮᠫᠢᠶᠠᠳ᠋ ᠍ ᠢ ᠡᠬᠡ ᠣᠷᠣᠨ ᠳᠤ ᠪᠠᠨ ᠵᠣᠬᠢᠶᠠᠨ ᠪᠠᠶᠢᠭᠤᠯᠤᠭᠰᠠᠨ ᠲᠤᠷᠰᠢᠯᠭ᠎ᠠ ᠲᠠᠢ ᠪᠥᠭᠡᠳ 2001 ᠣᠨ ᠠᠴᠠ ᠬᠣᠶᠢᠰᠢ ᠤᠭ ᠣᠯᠢᠮᠫᠢᠶᠠᠳ᠋ ᠍ ᠲᠤ ᠮᠠᠨ ᠤ ᠤᠯᠤᠰ ᠣᠷᠣᠯᠴᠠᠵᠤ᠂ 3 ᠬᠦᠷᠡᠯ ᠮᠧᠳᠠᠯ᠂ 4 ᠲᠤᠰᠬᠠᠢ ᠪᠠᠶᠢᠷᠢ ᠶᠢᠨ ᠱᠠᠩᠨᠠᠯ  ᠬᠦᠷᠲᠡᠵᠦ ᠪᠠᠶᠢᠭᠰᠠᠨ ᠲᠡᠦᠬᠡ ᠲᠡᠢ ᠃

ᠰᠡᠳᠬᠢᠭᠳᠡᠯ ᠦᠯᠡᠳᠡᠭᠡᠬᠦ