ᠳᠤᠭᠤᠶᠢᠴᠢᠳ ᠬᠦᠢ ᠳᠤᠯᠤᠭᠠᠨ ᠬᠤᠳᠳᠤᠭ ᠲᠤ ᠤᠷᠤᠯᠳᠤᠨ᠎ᠠ | News.MN

ᠳᠤᠭᠤᠶᠢᠴᠢᠳ ᠬᠦᠢ ᠳᠤᠯᠤᠭᠠᠨ ᠬᠤᠳᠳᠤᠭ ᠲᠤ ᠤᠷᠤᠯᠳᠤᠨ᠎ᠠ

︽ᠮᠣᠩᠭᠣᠯ ᠨᠠᠭᠠᠳᠤᠮ︾ ᠤᠷᠤᠨ ᠨᠤᠲᠤᠭ ᠤᠨ ᠦᠮᠴᠢᠲᠦ ᠦᠢᠯᠡᠳᠪᠤᠷᠢ ᠶᠢᠨ ᠭᠠᠵᠠᠷ ᠪᠣᠯᠤᠨ ᠮᠣᠩᠭᠣᠯ ᠤᠨ ᠳᠤᠭᠤᠢ ᠶᠢᠨ ᠬᠣᠯᠪᠣᠭ᠎ᠠ ᠬᠠᠮᠲᠤᠷᠠᠨ《ᠮᠣᠷᠢ ᠬᠤᠷᠳᠤᠨ ᠤᠤ᠂ ᠳᠤᠭᠤᠢ ᠬᠤᠷᠳᠤᠨ ᠤᠤ》ᠨᠡᠷ᠎ᠡ ᠲᠡᠢ ᠠᠭᠤᠯᠠ ᠶᠢᠨ ᠳᠤᠭᠤᠢ ᠶᠢᠨ ᠤᠯᠠᠮᠵᠢᠯᠠᠯᠲᠤ ᠲᠡᠮᠡᠴᠡᠭᠡᠨ ᠢ ᠲᠠᠪᠤᠳᠤᠭᠠᠷ ᠰᠠᠷ᠎ᠠ ᠶᠢᠨ 13 ᠍ ᠳᠦ ᠬᠦᠢ ᠳᠤᠯᠤᠭᠠᠨ ᠬᠤᠳᠳᠤᠭ ᠲᠤ ᠵᠣᠬᠢᠶᠠᠨ ᠪᠠᠶᠢᠭᠤᠯᠬᠤ ᠭᠡᠵᠦ ᠪᠠᠶᠢᠨ᠎ᠠ᠃ ᠲᠠᠮᠢᠷᠴᠢᠳ 25 ᠺᠢᠯᠣᠮᠧᠲ᠋ᠷ ᠵᠠᠮ ᠢ ᠲᠤᠭᠤᠯᠤᠨ ᠪᠠᠷᠢᠶᠠᠨ ᠳᠤ ᠤᠷᠤᠬᠤ ᠶᠤᠮ᠃
︽ᠮᠣᠩᠭᠣᠯ ᠨᠠᠭᠠᠳᠤᠮ︾ ᠴᠣᠭᠴᠠᠯᠠᠪᠤᠷᠢ ᠨᠢ ᠮᠣᠩᠭᠣᠯ ᠤᠨ ᠳᠤᠭᠤᠢ ᠶᠢᠨ ᠬᠣᠯᠪᠣᠭ᠎ᠠ ᠲᠠᠢ 2014 ᠣᠨ ᠠᠴᠠ ᠬᠣᠶᠢᠰᠢ ᠬᠠᠮᠲᠤᠷᠠᠨ ᠠᠵᠢᠯᠯᠠᠵᠤ ᠪᠤᠢ ᠶᠤᠮ᠃ ᠮᠣᠩᠭᠣᠯ ᠤᠨ ᠳᠤᠭᠤᠢ ᠶᠢᠨ ᠬᠣᠯᠪᠣᠭ᠎ᠠ 1959 ᠣᠨ ᠳᠤ ᠪᠠᠢᠭᠤᠯᠤᠭᠳᠠᠭᠰᠠᠨ ᠪᠥᠭᠡᠳ ᠡᠳᠦᠭᠡ 10000 ᠭᠡᠰᠢᠭᠦᠨ 17 ᠰᠠᠯᠪᠤᠷᠢ ᠬᠣᠷᠢᠶ᠎ᠠ᠂ 40 ᠺᠯᠦ᠋ᠪ ᠲᠡᠢ ᠪᠡᠷ ᠦᠢᠯᠡ ᠠᠵᠢᠯᠯᠠᠭ᠎ᠠ ᠪᠠᠨ ᠶᠠᠪᠤᠭᠤᠯᠵᠤ ᠪᠠᠶᠢᠨ᠎ᠠ᠃ ᠡᠨᠡ ᠵᠢᠯ  ᠲᠡᠳᠡ 36 ᠲᠡᠮᠡᠴᠡᠭᠡᠨ ᠤᠷᠤᠯᠳᠤᠭᠠᠨ ᠵᠣᠬᠢᠶᠠᠨ ᠪᠠᠶᠢᠭᠤᠯᠬᠤ ᠪᠠᠷ ᠲᠥᠯᠥᠪᠯᠡᠵᠡᠢ᠃

ᠰᠡᠳᠬᠢᠭᠳᠡᠯ ᠦᠯᠡᠳᠡᠭᠡᠬᠦ