ᠲᠠᠶᠢᠰᠢᠷᠢ ᠰᠤᠮᠤ  ᠳᠤ 491 ᠳᠤᠷᠠᠰᠬᠠᠯ ᠪᠦᠷᠢᠳᠬᠡᠭᠳᠡᠵᠡᠢ | News.MN

ᠲᠠᠶᠢᠰᠢᠷᠢ ᠰᠤᠮᠤ  ᠳᠤ 491 ᠳᠤᠷᠠᠰᠬᠠᠯ ᠪᠦᠷᠢᠳᠬᠡᠭᠳᠡᠵᠡᠢ

ᠭᠣᠪᠢ-ᠠᠯᠲᠠᠢ ᠠᠶᠢᠮᠠᠭ ᠤᠨ ᠲᠠᠶᠢᠰᠢᠷᠢ ᠰᠤᠮᠤ ᠶᠢᠨ ᠨᠤᠲᠤᠭ ᠲᠤ 62 ᠭᠠᠵᠠᠷ ᠲᠤ ᠨᠡᠶᠢᠲᠡ 491 ᠳᠤᠷᠠᠰᠬᠠᠯ ᠪᠦᠷᠢᠳᠬᠡᠭᠳᠡᠵᠡᠢ᠃ ᠡᠳᠡᠭᠡᠷ ᠳᠤᠷᠠᠰᠬᠠᠯ ᠤᠳ ᠨᠢ ᠴᠢᠯᠠᠭᠤᠨ ᠵᠡᠪᠰᠡᠭ ᠦᠨ ᠦᠶ᠎ᠡ ᠡᠴᠡ 19-20 ᠳ᠋ᠤᠭᠠᠷ ᠵᠠᠭᠤᠨ ᠤ ᠵᠠᠭᠠᠭ ᠦᠶ᠎ᠡ ᠬᠦᠷᠲᠡᠯᠡᠬᠢ ᠲᠡᠦᠬᠡ ᠶᠢᠨ ᠦᠶ᠎ᠡ ᠳᠦ  ᠬᠤᠯᠪᠤᠭᠳᠠᠵᠤ ᠪᠠᠢᠭ᠎ᠠ ᠶᠤᠮ᠃
ᠲᠡᠨᠳᠡ ᠬᠠᠮᠤᠭ ᠤᠨ ᠶᠡᠬᠡ ᠲᠠᠷᠬᠠᠭᠰᠠᠨ ᠳᠤᠷᠠᠰᠬᠠᠯ ᠪᠣᠯ ᠬᠦᠷᠡᠯ ᠦᠨ ᠦᠶ᠎ᠡ ᠶᠢᠨ ᠪᠤᠯᠠᠰᠢ ᠬᠢᠷᠭᠢᠰᠦᠭᠦᠷ ᠶᠤᠮ᠃ ᠲᠤᠬᠠᠶᠢᠯᠠᠪᠠᠯ᠂ ᠬᠢᠷᠭᠢᠰᠦᠭᠦᠷ 42 ᠭᠠᠵᠠᠷ ᠲᠤ 203 ᠪᠠᠶᠢᠭ᠎ᠠ ᠪᠣᠯ ᠣᠯᠠᠨ ᠲᠥᠷᠥᠯ ᠦᠨ ᠬᠡᠯᠪᠡᠷᠢ ᠬᠡᠮᠵᠢᠶ᠎ᠡ ᠲᠡᠢ ᠬᠦᠷᠡᠯ ᠦᠨ ᠦᠶ᠎ᠡ ᠳᠦ ᠬᠠᠮᠢᠶᠠᠷᠬᠤ ᠪᠤᠯᠠᠰᠢ 29 ᠭᠠᠵᠠᠷ ᠲᠤ 130᠂ ᠰᠠᠭᠰᠠᠢ ᠪᠤᠯᠠᠰᠢ 13 ᠭᠠᠵᠠᠷ ᠲᠤ 80 ᠪᠦᠷᠢᠳᠬᠡᠭᠳᠡᠭᠰᠡᠨ ᠪᠠᠶᠢᠨ᠎ᠠ᠃ ᠡᠳᠡᠭᠡᠷ ᠠᠴᠠ ᠭᠠᠳᠠᠨ᠎ᠠ ᠴᠢᠯᠠᠭᠤᠨ ᠵᠡᠪᠰᠡᠭ 2᠂ ᠬᠠᠳᠠᠨ ᠤ ᠵᠢᠷᠤᠭ 3᠂ ᠬᠥᠰᠢᠶ᠎ᠡ ᠴᠢᠯᠠᠭᠤ 19᠂ ᠷᠦᠨᠢ ᠪᠢᠴᠢᠭᠡᠰᠦ 1᠂ ᠴᠢᠯᠠᠭᠤᠨ ᠪᠠᠶᠢᠭᠤᠯᠤᠮᠵᠢ 5᠂  ᠾᠦᠩᠨᠤ ᠪᠤᠯᠠᠰᠢ 49᠂ ᠬᠦᠷᠢᠶ᠎ᠡ ᠬᠡᠶᠢᠳ ᠦᠨ ᠲᠤᠭᠤᠷᠢ ᠨᠢᠭᠡ ᠪᠦᠷᠢᠳᠬᠡᠭᠳᠡᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ