ᠦᠨᠳᠦᠰᠦᠨ ᠦ ᠪᠢᠴᠢᠭ ᠦᠰᠦᠭ ᠦᠨ ᠤᠷᠤᠯᠳᠤᠭᠠᠨ ᠳᠤ 700 ᠭᠠᠷᠤᠢ ᠬᠦᠮᠦᠨ ᠣᠷᠣᠯᠴᠠᠵᠤ ᠪᠠᠶᠢᠨ᠎ᠠ | News.MN

ᠦᠨᠳᠦᠰᠦᠨ ᠦ ᠪᠢᠴᠢᠭ ᠦᠰᠦᠭ ᠦᠨ ᠤᠷᠤᠯᠳᠤᠭᠠᠨ ᠳᠤ 700 ᠭᠠᠷᠤᠢ ᠬᠦᠮᠦᠨ ᠣᠷᠣᠯᠴᠠᠵᠤ ᠪᠠᠶᠢᠨ᠎ᠠ

ᠦᠨᠳᠦᠰᠦᠨ ᠦ ᠪᠢᠴᠢᠭ ᠦᠰᠦᠭ ᠦᠨ ᠪᠠᠶᠠᠷ ᠤᠨ ᠡᠳᠦᠷ ᠢ ᠠᠷᠤᠬᠠᠩᠭᠠᠢ ᠠᠶᠢᠮᠠᠭ 2005 ᠣᠨ ᠠᠴᠠ ᠵᠢᠯ ᠪᠦᠷᠢ ᠤᠯᠠᠮᠵᠢᠯᠠᠨ ᠲᠡᠮᠳᠡᠭᠯᠡᠵᠦ ᠢᠷᠡᠭᠰᠡᠨ᠃ ᠵᠢᠯ ᠢᠷᠡᠬᠦ ᠲᠤᠰᠤᠮ ᠡᠨᠡ ᠪᠠᠶᠠᠷ ᠲᠤ ᠤᠷᠤᠯᠴᠠᠬᠤ ᠬᠡᠦᠬᠡᠳ ᠦᠨ ᠲᠤᠭ᠎ᠠ ᠨᠡᠮᠡᠭᠳᠡᠵᠦ ᠪᠤᠢ ᠶᠢ  ᠠᠢᠮᠠᠭ ᠤᠨ ᠨᠣᠮ ᠤᠨ ᠰᠠᠩᠴᠢᠳ ᠲᠠᠯᠠᠷᠬᠠᠨ ᠬᠡᠯᠡᠵᠦ ᠪᠠᠶᠢᠨ᠎ᠠ᠃
ᠲᠦᠷᠭᠡᠨ ᠤᠩᠰᠢᠯᠭ᠎ᠠ᠂ ᠵᠥᠪ ᠰᠠᠶᠢᠬᠠᠨ ᠪᠢᠴᠢᠭᠲᠡᠨ᠂ ᠤᠷᠠᠨ ᠪᠢᠴᠢᠯᠭᠡ ᠭᠡᠰᠡᠨ ᠭᠤᠷᠪᠠᠨ ᠲᠥᠷᠥᠯ ᠦᠨ ᠲᠡᠮᠡᠴᠡᠭᠡᠨ  ᠨᠦᠭᠦᠳ ᠲᠦ ᠨᠡᠶᠢᠲᠡ 700 ᠭᠠᠷᠤᠢ ᠬᠦᠮᠦᠨ ᠣᠷᠣᠯᠴᠠᠵᠤ ᠪᠠᠶᠢᠭ᠎ᠠ ᠪᠠ ᠡᠭᠦᠨ ᠳᠦ ᠲᠠᠩᠬᠢᠮ ᠢᠶᠠᠷ 500 ᠭᠠᠷᠤᠢ᠂ ᠴᠠᠬᠢᠮ ᠢᠶᠠᠷ 100 ᠭᠠᠷᠤᠢ ᠬᠦᠮᠦᠨ ᠣᠷᠣᠯᠴᠠᠵᠤ ᠪᠠᠶᠢᠭ᠎ᠠ ᠶᠤᠮ᠃ ᠡᠯ᠎ᠡ ᠡᠳᠦᠷ ᠠᠶᠢᠮᠠᠭ ᠤᠨ ᠨᠡᠶᠢᠲᠡ ᠶᠢᠨ ᠨᠣᠮ ᠤᠨ ᠰᠠᠩ ᠤᠨ ᠪᠠᠢᠷᠢ ᠳᠤ ᠪᠠᠭᠰᠢ ᠰᠤᠷᠤᠭᠴᠢᠳ ᠤᠨ ᠨᠡᠶᠢᠯᠡᠭᠰᠡᠨ 100 ᠭᠠᠷᠤᠢ ᠤᠷᠠᠨ ᠪᠢᠴᠢᠯᠭᠡ ᠶᠢᠨ ᠪᠦᠲᠦᠭᠡᠯ ᠢ ᠳᠡᠯᠭᠡᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ