ᠰᠢᠯᠢᠳᠡᠭ ᠤᠷᠠᠨ ᠵᠢᠷᠤᠭ ᠤᠨ ᠦᠵᠡᠰᠬᠦᠯᠡᠩ ᠢ ᠣᠷᠬᠣᠨ ᠠᠶᠢᠮᠠᠭ ᠲᠤ ᠨᠡᠭᠡᠭᠡᠨ᠎ᠡ | News.MN

ᠰᠢᠯᠢᠳᠡᠭ ᠤᠷᠠᠨ ᠵᠢᠷᠤᠭ ᠤᠨ ᠦᠵᠡᠰᠬᠦᠯᠡᠩ ᠢ ᠣᠷᠬᠣᠨ ᠠᠶᠢᠮᠠᠭ ᠲᠤ ᠨᠡᠭᠡᠭᠡᠨ᠎ᠡ

︽ᠰᠤᠶᠤᠯ ᠤᠨ ᠰᠡᠷᠭᠦᠯᠲᠡ-2023︾ ᠠᠶᠠᠨ ᠤ ᠬᠦᠷᠢᠶᠡᠨ ᠳᠦ ︽ᠮᠣᠩᠭᠣᠯ ᠤᠨ ᠤᠷᠠᠯᠢᠭ ᠤᠨ ᠬᠣᠣᠰ ᠦᠭᠡᠢ ᠪᠦᠲᠦᠭᠡᠯ ᠦᠳ》 ᠲᠤᠰᠬᠠᠢ ᠦᠵᠡᠰᠬᠦᠯᠡᠩ ᠢ ᠣᠷᠬᠣᠨ ᠠᠶᠢᠮᠠᠭ ᠲᠤ ᠲᠠᠪᠤᠳᠤᠭᠠᠷ ᠰᠠᠷ᠎ᠠ ᠶᠢᠨ 10-15 ᠍ ᠤ ᠬᠣᠭᠣᠷᠣᠨᠳᠣ ᠬᠡᠦᠬᠡᠳ᠂ ᠵᠠᠯᠠᠭᠤᠴᠤᠳ ᠤᠨ ᠲᠢᠶᠠᠲ᠋ᠷ ᠲᠤ ᠨᠡᠭᠡᠭᠡᠬᠦ ᠭᠡᠵᠦ ᠪᠠᠢᠨ᠎ᠠ᠃

ᠦᠵᠡᠰᠭᠦᠯᠡᠩ ᠳᠦ ᠠᠷᠠᠳ ᠤᠨ ᠵᠢᠷᠤᠭᠠᠴᠢ ᠦ᠂ ᠢᠳᠠᠮᠰᠦ᠋ᠷᠤᠩ ᠦᠨ《ᠡᠪᠦᠭᠡᠨ ᠬᠤᠭᠤᠷᠴᠢ》᠂ ᠠᠷᠠᠳ ᠤᠨ ᠵᠢᠷᠤᠭᠠᠴᠢ ᠭ ∙  ᠤᠳᠤᠨ ᠤ 《ᠠᠵᠢᠯ ᠤᠨ ᠳᠠᠷᠠᠭ᠎ᠠ》᠂ ᠠᠷᠠᠳ ᠤᠨ ᠵᠢᠷᠤᠭᠠᠴᠢ ᠨ ∙ ᠴᠦᠯᠲᠦᠮ ᠦᠨ 《ᠲᠠᠯ᠎ᠠ ᠶᠢᠨ ᠠᠶᠢᠯ》 ᠪᠣᠯᠤᠨ ᠲᠥᠷᠥ ᠶᠢᠨ ᠬᠣᠱᠣᠢ ᠱᠠᠩᠨᠠᠯᠲᠤ ᠣ᠊ ∙ ᠴᠡᠪᠡᠭᠵᠠᠪ ᠤᠨ《ᠡᠮᠨᠢᠭ ᠰᠤᠷᠭᠠᠭᠴᠢ》᠂ ᠳ ∙ ᠠᠮᠤᠭᠤᠯᠠᠩ《ᠵᠢᠭᠠᠬᠠᠨ ᠰᠢᠷᠭ᠎ᠠ ᠶᠢᠨ ᠨᠤᠲᠤᠭ》᠂ ᠶᠣ᠊ ∙ ᠥᠯᠵᠡᠶᠢᠬᠤᠲᠤᠭ  ᠤᠨ《ᠡᠬᠡ ᠨᠤᠲᠤᠭ ᠤᠨ ᠡᠵᠡᠳ》ᠵᠡᠷᠭᠡ 30 ᠣᠷᠴᠢᠮ ᠰᠣᠷ ᠪᠦᠲᠦᠭᠡᠯ ᠢ ᠳᠡᠭᠡᠵᠢᠯᠡᠨ ᠳᠡᠯᠭᠡᠬᠦ ᠶᠤᠮ ᠪᠠᠶᠢᠨ᠎ᠠ᠃
ᠡᠨᠡ ᠦᠶ᠎ᠡ ᠪᠡᠷ ᠮᠥᠨ ᠣᠯᠠᠨ ᠨᠡᠶᠢᠲᠡ ᠳᠦ ᠬᠠᠨᠳᠤᠭᠰᠠᠨ ᠤᠷᠠᠯᠢᠭ᠂ ᠰᠣᠶᠣᠨ ᠭᠡᠭᠡᠷᠡᠯ ᠦᠨ ᠯᠧᠺᠼ᠂ ᠴᠢᠳᠠᠪᠬᠢᠵᠢᠭᠤᠯᠬᠤ ᠰᠤᠷᠭᠠᠯᠲᠠ ᠨᠤᠭᠤᠳ ᠵᠣᠬᠢᠶᠠᠨ ᠪᠠᠶᠢᠭᠤᠯᠬᠤ ᠶᠤᠮ ᠪᠠᠶᠢᠨ᠎ᠠ᠃

ᠰᠡᠳᠬᠢᠭᠳᠡᠯ ᠦᠯᠡᠳᠡᠭᠡᠬᠦ