ᠪ ∙ ᠸᠴᠢᠷᠪᠠᠨᠢ ᠳᠤᠭᠤᠢ ᠪᠠᠷ ᠠᠩᠭᠯᠢ  ᠬᠦᠷᠲᠡᠯ᠎ᠡ ᠠᠶᠠᠯᠠᠨ᠎ᠠ | News.MN

ᠪ ∙ ᠸᠴᠢᠷᠪᠠᠨᠢ ᠳᠤᠭᠤᠢ ᠪᠠᠷ ᠠᠩᠭᠯᠢ  ᠬᠦᠷᠲᠡᠯ᠎ᠡ ᠠᠶᠠᠯᠠᠨ᠎ᠠ

ᠤᠯᠠᠭᠠᠨᠪᠠᠭᠠᠲᠤᠷ ᠬᠣᠲᠠ ᠠᠴᠠ ᠠᠩᠭᠯᠢ ᠶᠢᠨ ᠮᠠᠨᠴᠧᠰᠲᠸᠷ ᠬᠣᠲᠠ ᠬᠦᠷᠲᠡᠯ᠎ᠡ 12 ᠮᠢᠩᠭᠠᠨ ᠣᠷᠴᠢᠮ ᠺᠢᠯᠤᠮᠧᠲᠷ ᠵᠠᠮ ᠢ ᠳᠤᠭᠤᠢ ᠪᠠᠷ ᠲᠤᠭᠤᠯᠬᠤ ᠭᠡᠵᠦ ᠪᠤᠢ ᠮᠣᠩᠭᠣᠯ ᠵᠠᠯᠠᠭᠤ ᠶᠢ ᠪ ∙ ᠸᠴᠢᠷᠪᠠᠨᠢ ᠭᠡᠳᠡᠭ᠃ ᠲᠡᠷᠡ 26 ᠨᠠᠰᠤᠲᠠᠢ᠃ ᠪᠢᠽᠢᠨᠧᠰ ᠦᠨ ᠤᠳᠤᠷᠢᠳᠤᠯᠭ᠎ᠠ ᠶᠢᠨ ᠴᠢᠭᠯᠡᠯ ᠢᠶᠡᠷ ᠰᠤᠷᠤᠯᠴᠠᠳᠠᠭ᠃

ᠲᠡᠷᠡᠪᠡᠷ ᠡᠨᠡ ᠬᠦ ᠠᠶᠠᠯᠠᠯ ᠢᠶᠠᠨ ᠬᠣᠶᠠᠷ ᠵᠢᠯ ᠲᠥᠯᠥᠪᠯᠡᠵᠦ᠂ ᠪᠡᠯᠡᠳᠬᠡᠯ ᠠᠵᠢᠯ ᠢᠶᠠᠨ ᠬᠠᠩᠭᠠᠵᠤ ᠢᠷᠡᠬᠦ ᠮᠢᠭᠮᠠᠷ ᠭᠠᠷᠠᠭ ᠲᠤ ᠵᠠᠮ ᠳᠤ ᠪᠠᠨ ᠭᠠᠷᠬᠤ ᠳᠤ ᠪᠡᠯᠡᠨ ᠪᠣᠯᠵᠠᠢ᠃ ᠢᠩᠭᠢᠬᠦ ᠳᠦ ᠪᠡᠨ《CUTE》ᠪᠷᠡᠨᠳ᠋ ᠦᠨ《TYRING》ᠳᠤᠭᠤᠢ ᠪᠠᠷ ᠨᠠᠢ᠌ᠮᠠᠨ ᠰᠠᠷ᠎ᠠ ᠶᠢᠨ ᠬᠤᠭᠤᠴᠠᠭᠠᠨ ᠳᠤ ᠵᠤᠷᠢᠭᠰᠠᠨ ᠭᠠᠵᠠᠷ ᠲᠤ ᠪᠠᠨ ᠬᠦᠷᠬᠦ ᠪᠡᠷ ᠲᠥᠯᠥᠪᠯᠡᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ