ᠶᠡᠬᠡ ᠪᠷᠢᠲ᠋ᠠᠨ ᠤ ᠬᠠᠭᠠᠨ  ᠤ ᠰᠢᠷᠡᠭᠡᠨ ᠳᠦ ᠵᠠᠯᠠᠬᠤ ᠶᠣᠰᠣᠯᠠᠯ ᠳᠦ ᠤ᠊ ∙ ᠬᠦᠷᠡᠯᠰᠦ᠋ᠬᠡ ᠤᠷᠤᠯᠴᠠᠨ᠎ᠠ | News.MN

ᠶᠡᠬᠡ ᠪᠷᠢᠲ᠋ᠠᠨ ᠤ ᠬᠠᠭᠠᠨ  ᠤ ᠰᠢᠷᠡᠭᠡᠨ ᠳᠦ ᠵᠠᠯᠠᠬᠤ ᠶᠣᠰᠣᠯᠠᠯ ᠳᠦ ᠤ᠊ ∙ ᠬᠦᠷᠡᠯᠰᠦ᠋ᠬᠡ ᠤᠷᠤᠯᠴᠠᠨ᠎ᠠ

ᠶᠡᠬᠡ ᠪᠷᠢᠲ᠋ᠠᠨ ᠤ ᠲᠡᠦᠬᠡᠨ ᠳᠦ ᠬᠠᠮᠤᠭ ᠤᠨ ᠤᠷᠲᠤ ᠬᠤᠭᠤᠴᠠᠭᠠᠨ ᠳᠤ ᠲᠥᠷᠥ ᠪᠠᠷᠢᠭᠰᠠᠨ ᠬᠠᠲᠤᠨ ᠬᠠᠭᠠᠨ ᠬᠤᠶᠠᠳᠤᠭᠠᠷ ᠡᠯᠢᠽᠠᠪᠧᠲ 96 ᠨᠠᠰᠤᠨ ᠳᠤ ᠪᠠᠨ 2022.09.08  ᠳᠤ ᠲᠠᠭᠠᠯᠠᠯ ᠲᠡᠭᠦᠰᠦᠭᠰᠡᠨ᠃ ᠲᠡᠭᠦᠨ ᠢ ᠰᠡᠭᠦᠯᠴᠢ ᠶᠢᠨ ᠵᠠᠮ ᠳᠤ ᠨᠢ ᠦᠳᠡᠬᠦ  ᠲᠥᠷᠥ ᠶᠢᠨ ᠶᠣᠰᠣᠯᠠᠯ ᠳᠤ ᠮᠠᠨ ᠤ ᠤᠯᠤᠰ ᠤᠨ ᠶᠡᠷᠦᠩᠬᠡᠢ ᠰᠠᠶᠢᠳ ᠯ ∙ ᠤᠶᠤᠡᠡᠷᠳᠡᠨᠢ ᠣᠷᠣᠯᠴᠠᠭᠰᠠᠨ᠃

ᠲᠡᠭᠡᠪᠡᠯ ᠲᠡᠭᠦᠨ ᠦ ᠬᠦᠦ ᠭᠤᠷᠪᠠᠳᠤᠭᠠᠷ ᠴᠠᠷᠯᠢᠽ ᠤᠨ ᠬᠠᠭᠠᠨ ᠰᠢᠷᠡᠭᠡᠨ ᠳᠦ ᠵᠠᠯᠠᠬᠤ ᠶᠣᠰᠣᠯᠠᠯ ᠡᠨᠡ ᠰᠠᠷ᠎ᠠ ᠶᠢᠨ 6 ᠤ ᠡᠳᠦᠷ ᠪᠣᠯᠬᠤ  ᠪᠠ ᠶᠣᠰᠣᠯᠠᠯ ᠳᠤ ᠨᠡᠶᠢᠲᠡ 203 ᠣᠷᠣᠨ ᠤ 2200 ᠣᠷᠴᠢᠮ ᠵᠣᠴᠢᠨ᠂ ᠲᠥᠯᠥᠭᠡᠯᠡᠭᠴᠢ ᠣᠷᠣᠯᠴᠠᠵᠤ ᠬᠦᠨᠳᠦᠳᠬᠡᠯ ᠦᠵᠡᠭᠦᠯᠬᠦ ᠲᠠᠯ᠎ᠠ ᠪᠠᠷ ᠸᠠᠰᠢᠩᠲ᠋ᠣᠨ ᠫᠣᠰᠲ ᠰᠤᠨᠢᠨ ᠮᠡᠳᠡᠭᠡᠯᠡᠵᠡᠢ᠃ ᠡᠭᠦᠨ ᠦ 100 ᠭᠠᠷᠤᠢ ᠨᠢ ᠲᠥᠷᠥ ᠶᠢᠨ ᠲᠡᠷᠢᠭᠦᠨ᠂ ᠭᠦᠢᠴᠡᠳᠭᠡᠬᠦ ᠵᠠᠰᠠᠭᠯᠠᠯ ᠤᠨ ᠲᠡᠷᠢᠭᠦᠨ᠂ ᠰᠠᠶᠢᠳ᠂ ᠡᠯᠴᠢᠨ ᠰᠠᠶᠢᠳ ᠤᠨ ᠲᠦᠪᠰᠢᠨ ᠦ ᠠᠯᠪᠠᠨ  ᠲᠤᠰᠢᠶᠠᠯᠲᠠᠳ ᠪᠠᠶᠢᠬᠤ ᠶᠤᠮ᠃

ᠮᠠᠨ ᠤ ᠤᠯᠤᠰ ᠠᠴᠠ ᠶᠡᠷᠦᠩᠬᠡᠶᠢᠯᠡᠭᠴᠢ ᠤ᠊∙ᠬᠦᠷᠡᠯᠰᠦ᠋ᠬᠡ ᠭᠡᠷᠭᠡᠢ ᠯ∙ᠪᠣᠯᠣᠷᠴᠡᠴᠡᠭ ᠦᠨ ᠬᠠᠮᠲᠤ ᠤᠷᠢᠯᠭ᠎ᠠ ᠪᠠᠷ ᠣᠷᠣᠯᠴᠠᠵᠤ ᠬᠦᠨᠳᠦᠳᠬᠡᠯ ᠦᠵᠡᠭᠦᠯᠬᠦ ᠪᠡᠷ ᠥᠨᠥᠳᠥᠷ︵05.04︶ᠡᠬᠡ ᠣᠷᠣᠨ ᠠᠴᠠ ᠪᠠᠨ ᠮᠣᠷᠳᠠᠬᠤ ᠭᠡᠵᠦ ᠪᠠᠶᠢᠨ᠎ᠠ᠃ ᠮᠥᠨ ᠵᠠᠰᠠᠭ ᠤᠨ ᠭᠠᠵᠠᠷ ᠢ ᠲᠥᠯᠦᠭᠡᠯᠡᠵᠦ ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ ᠤᠨ ᠳᠠᠷᠤᠭ᠎ᠠ ᠳ ∙ ᠠᠮᠤᠷᠪᠠᠶᠠᠰᠬᠤᠯᠠᠩ ᠤᠷᠤᠯᠴᠠᠬᠤ  ᠠᠵᠠᠢ᠃

ᠰᠡᠳᠬᠢᠭᠳᠡᠯ ᠦᠯᠡᠳᠡᠭᠡᠬᠦ