ᠤᠯᠤᠰ ᠤᠨ ᠶᠡᠬᠡ ᠬᠤᠷᠠᠯ ᠤᠨ ᠭᠡᠰᠢᠭᠦᠨ ᠼ∙ᠰᠡᠷᠡᠩᠫᠤᠩᠰᠤᠭ᠂ ᠪ∙ᠵᠢᠷᠭᠠᠯᠮ᠎ᠠ᠂ ᠭ∙ᠲᠡᠮᠡᠦᠯᠦᠨ᠂ ᠵ∙ᠪᠠᠲᠤᠡᠷᠳᠡᠨᠢ ᠨᠠᠷ ᠵᠠᠬ᠎ᠠ ᠨᠤᠭᠤᠳ ᠲᠤ ᠠᠵᠢᠯᠯᠠᠬᠤ ᠪᠠᠷ ᠪᠤᠯᠵᠠᠢ᠃ ᠥᠨᠥᠳᠥᠷ ᠦᠨ ᠤᠯᠤᠰ ᠤᠨ ᠶᠡᠬᠡ ᠬᠤᠷᠠᠯ ᠤᠨ ᠴᠢᠭᠤᠯᠭᠠᠨ ᠤ ᠨᠢᠭᠡᠳᠦᠭᠰᠡᠨ ᠬᠤᠷᠠᠯᠳᠤᠭᠠᠨ ᠳᠡᠭᠡᠷ᠎ᠡ ᠤᠯᠤᠰ ᠤᠨ ᠶᠡᠬᠡ ᠬᠤᠷᠠᠯ ᠤᠨ ᠳᠠᠷᠤᠭ᠎ᠠ ᠭ ∙ ᠽᠠᠨᠳᠠᠨᠰᠢᠲᠠᠷ᠎ᠠ ᠦᠨ᠎ᠡ ᠶᠢᠨ ᠥᠰᠦᠯᠲᠡ ᠶᠢ ᠬᠥᠨᠳᠡᠵᠦ᠂ ᠳᠡᠭᠡᠷ᠎ᠡ ᠨᠡᠷ᠎ᠡ ᠳᠤᠷᠠᠳᠤᠭᠰᠠᠨ ᠤᠯᠤᠰ ᠤᠨ ᠶᠡᠬᠡ ᠬᠤᠷᠠᠯ ᠤᠨ ᠭᠡᠰᠢᠭᠦᠳ ᠲᠦ ᠡᠭᠦᠷᠭᠡ ᠦᠭᠴᠦ ᠪᠢᠯᠡ᠃
ᠲᠡᠷᠡᠪᠡᠷ᠄ ᠢᠨᠹᠯᠢᠶᠠᠼ ᠬᠠᠮᠤᠭ ᠤᠨ ᠰᠡᠭᠦᠯ ᠦᠨ ᠪᠠᠶᠢᠳᠠᠯ ᠢᠶᠠᠷ 10.9 ᠬᠤᠪᠢ ᠪᠣᠯᠵᠤ ᠪᠠᠭᠤᠷᠠᠭᠰᠠᠨ ᠴᠤ ᠮᠢᠬᠠᠨ ᠤ ᠦᠨ᠎ᠡ ᠥᠨᠳᠥᠷ ᠪᠠᠶᠢᠨ᠎ᠠ᠃ ᠨᠥᠭᠡᠴᠡ ᠶᠢᠨ ᠮᠢᠬᠠᠨ ᠤ ᠥᠷᠭᠡᠳᠬᠡᠭᠰᠡᠨ ᠬᠤᠳᠠᠯᠳᠤᠭ᠎ᠠ ᠪᠣᠯᠬᠤ ᠶᠤᠮ ᠪᠢᠯᠡ᠃ ᠡᠶᠢᠮᠦ ᠳᠦ ᠡᠳ᠋ ᠦᠨ ᠵᠠᠰᠠᠭ ᠤᠨ᠂ ᠲᠥᠰᠥᠪ ᠦᠨ ᠪᠠᠶᠢᠩᠭᠤ ᠶᠢᠨ ᠬᠣᠷᠢᠶᠠᠨ ᠤ ᠬᠢᠨ ᠠᠮᠠᠷᠠᠯᠲᠠ ᠶᠢᠨ ᠡᠳᠦᠷ ᠦᠳ ᠲᠦ ᠵᠠᠬ᠎ᠠ ᠨᠤᠭᠤᠳ ᠲᠤ ᠠᠵᠢᠯᠯᠠᠨ᠂ ᠦᠨ᠎ᠡ ᠶᠢᠨ ᠥᠰᠦᠯᠲᠡ ᠶᠢᠨ ᠰᠤᠳᠤᠯᠭ᠎ᠠ ᠬᠢᠭᠡᠷᠡᠢ᠃ ᠮᠥᠨ ᠲᠥᠰᠥᠪ ᠦᠨ ᠪᠠᠶᠢᠩᠭᠤ ᠶᠢᠨ ᠬᠣᠷᠢᠶᠠᠨ ᠤ ᠳᠠᠷᠤᠭ᠎ᠠ ᠭ∙ᠲᠡᠮᠡᠦᠯᠦᠨ ᠲᠥᠷᠥ ᠶᠢᠨ ᠠᠯᠪᠠᠨ ᠬᠠᠭᠠᠭᠴᠢᠳ ᠤᠨ ᠴᠠᠯᠢᠩ ᠢ ᠥᠰᠬᠡᠬᠦ ᠰᠤᠳᠤᠯᠭ᠎ᠠ ᠶᠢ᠂ ᠲᠥᠰᠥᠪ ᠦᠨ ᠲᠣᠳᠣᠳᠬᠠᠯ ᠲᠠᠢ ᠣᠷᠣᠭᠤᠯᠵᠤ ᠢᠷ᠃ ᠡᠮᠴᠢ᠂ ᠪᠠᠭᠰᠢ᠂ ᠦᠢᠯᠡᠳᠪᠦᠷᠢᠴᠢᠨ ᠦ ᠡᠪᠯᠡᠯ ᠦᠨ ᠬᠢᠨ ᠲᠡᠢ ᠠᠭᠤᠯᠵᠠ ᠭᠡᠵᠡᠢ᠃