ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠠᠴᠠ ᠮᠣᠩᠭᠣᠯ ᠤᠯᠤᠰ ᠲᠤ ᠰᠠᠭᠤᠭ᠎ᠠ ᠡᠯᠴᠢᠨ ᠰᠠᠶᠢᠳ ᠴᠠᠢ ᠸᠸᠨ ᠷᠦᠢ 25 ᠤ ᠡᠳᠦᠷ ᠣᠷᠣᠰ ᠤᠨ ᠬᠣᠯᠪᠣᠭᠠᠨ ᠤ ᠤᠯᠤᠰ ᠠᠴᠠ ᠮᠣᠩᠭᠣᠯ ᠤᠯᠤᠰ ᠲᠤ ᠰᠠᠭᠤᠭ᠎ᠠ ᠡᠯᠴᠢᠨ ᠰᠠᠶᠢᠳ ᠠ᠊ ∙ ᠨ ∙ ᠶᠧᠪᠰᠢᠺᠤᠧ ᠲᠠᠢ ᠠᠭᠤᠯᠵᠠᠯ᠎ᠠ᠃
ᠬᠤᠶᠠᠷ ᠡᠯᠴᠢᠨ ᠬᠢᠲᠠᠳ᠂ ᠣᠷᠣᠰ ᠤᠨ ᠰᠢᠨ᠎ᠡ ᠡᠷᠡᠨ ᠦ ᠢᠵᠢ ᠪᠦᠷᠢᠨ ᠰᠲᠷᠠᠲ᠋ᠧᠭᠢ ᠶᠢᠨ ᠲᠦᠩᠰᠢᠯᠡᠯ ᠦᠨ ᠬᠠᠷᠢᠯᠴᠠᠭ᠎ᠠ ᠶᠢ ᠪᠡᠬᠢᠵᠢᠭᠦᠯᠦᠨ ᠭᠦᠨᠵᠡᠭᠡᠶᠢᠷᠡᠭᠦᠯᠬᠦ᠂ ᠬᠣᠶᠠᠷ ᠡᠯᠴᠢᠨ ᠰᠠᠶᠢᠳ ᠤᠨ ᠶᠠᠮᠤᠨ ᠤ ᠬᠠᠷᠢᠯᠴᠠᠭ᠎ᠠ᠂ ᠬᠠᠮᠲᠤ ᠶᠢᠨ ᠠᠵᠢᠯᠯᠠᠭ᠎ᠠ ᠶᠢ ᠨᠡᠮᠡᠭᠳᠡᠭᠦᠯᠬᠦ ᠲᠠᠯ᠎ᠠ ᠪᠠᠷ ᠰᠠᠨᠠᠯ ᠰᠣᠯᠢᠯᠴᠠᠯ᠎ᠠ᠃