ᠴᠢᠯᠦᠭᠡᠲᠦ ᠪᠥᠬᠡ ᠶᠢᠨ U23 ᠨᠠᠰᠤᠨ ᠤ ᠠᠩᠬᠠᠳᠤᠭᠠᠷ ᠤᠯᠤᠰ ᠤᠨ ᠠᠪᠤᠷᠭᠤ ᠨᠤᠭᠤᠳ ᠲᠣᠳᠣᠷᠠᠯ᠎ᠠ | News.MN

ᠴᠢᠯᠦᠭᠡᠲᠦ ᠪᠥᠬᠡ ᠶᠢᠨ U23 ᠨᠠᠰᠤᠨ ᠤ ᠠᠩᠬᠠᠳᠤᠭᠠᠷ ᠤᠯᠤᠰ ᠤᠨ ᠠᠪᠤᠷᠭᠤ ᠨᠤᠭᠤᠳ ᠲᠣᠳᠣᠷᠠᠯ᠎ᠠ

ᠴᠢᠯᠦᠭᠡᠲᠦ ᠪᠥᠬᠡ ᠶᠢᠨ U23 ᠨᠠᠰᠤᠨ ᠤ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠥᠷᠪᠡᠳᠦᠭᠡᠷ ᠰᠠᠷ᠎ᠠ ᠶᠢᠨ 24-25  ᠳᠤ ᠪᠠᠶᠠᠩᠭᠤᠤᠯ ᠳᠡᠭᠦᠷᠭᠡ ᠶᠢᠨ ᠰᠫᠣᠷᠲ ᠬᠣᠷᠢᠶᠠᠨ ᠤ ᠲᠠᠩᠬᠢᠮ ᠳᠤ ᠪᠣᠯᠤᠯ᠎ᠠ᠃ ᠠᠩᠬᠠᠳᠤᠭᠠᠷ ᠲᠡᠮᠡᠴᠡᠭᠡᠨ ᠳᠦ 19 ᠪᠠᠶᠢᠭᠤᠯᠤᠯᠭ᠎ᠠ ᠶᠢᠨ 133 ᠲᠠᠮᠢᠷᠴᠢᠨ ᠡᠷᠡᠭᠲᠡᠢ᠂ ᠡᠮᠡᠭᠲᠡᠶᠢᠴᠦᠳ ᠦᠨ ᠲᠤᠰ ᠪᠦᠷᠢ 10 ᠵᠢᠩ ᠳᠦ ᠥᠷᠢᠰᠦᠯᠳᠦᠪᠡ᠃ ᠵᠢᠩ ᠲᠤᠰ ᠪᠦᠷᠢ ᠳᠦ ᠠᠪᠤᠷᠭᠤᠯᠠᠭᠰᠠᠨ ᠲᠠᠮᠢᠷᠴᠢᠳ ᠵᠢᠷᠭᠤᠳᠤᠭᠠᠷ ᠰᠠᠷ᠎ᠠ ᠶᠢᠨ 10-18  ᠳᠦ ᠺᠢᠷᠭᠢᠽᠲ᠋ᠠᠨ ᠤ ᠨᠡᠶᠢᠰᠯᠡᠯ ᠪᠢᠱᠺᠧᠺ ᠲᠦ ᠪᠣᠯᠬᠤ U23 ᠨᠠᠰᠤᠨ ᠤ ᠠᠩᠭᠢᠯᠠᠯ ᠤᠨ ᠠᠽᠢᠶ᠎ᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ᠂ ᠠᠷᠪᠠᠳᠤᠭᠠᠷ ᠰᠠᠷ᠎ᠠ ᠶᠢᠨ 23-29 ᠍ ᠳᠦ ᠹᠢᠨᠯᠠᠨ᠋ᠳ᠋ ᠲᠤ ᠪᠣᠯᠬᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠤᠷᠤᠯᠴᠠᠬᠤ ᠡᠷᠬᠡ ᠪᠡᠨ ᠠᠪᠤᠭᠰᠠᠨ ᠶᠤᠮ᠃
ᠡᠷᠡᠭᠲᠡᠶᠢᠴᠦᠳ ᠦᠨ ᠪᠠᠭ ᠠᠴᠠ《ᠠᠯᠳᠠᠷ》ᠰᠫᠣᠷᠲ ᠬᠣᠷᠢᠶ᠎ᠠ 164 ᠣᠨᠣᠭ᠎ᠠ ᠪᠠᠷ ᠲᠡᠷᠢᠭᠦᠯᠡᠵᠦ᠂ ᠡᠮᠡᠭᠲᠡᠢ ᠪᠠᠭ  ᠠᠴᠠ ᠮᠦᠨ 《ᠠᠯᠳᠠᠷ》ᠰᠫᠣᠷᠲ ᠬᠣᠷᠢᠶ᠎ᠠ 170 ᠤᠨᠤᠭ᠎ᠠ ᠪᠠᠷ ᠲᠡᠷᠢᠭᠦᠯᠡᠵᠡᠢ᠃

ᠰᠡᠳᠬᠢᠭᠳᠡᠯ ᠦᠯᠡᠳᠡᠭᠡᠬᠦ