ᠡᠷᠮᠢᠲ᠋ᠠᠵ ᠳᠠᠬᠢ  ᠾᠦᠩᠨᠤ ᠶᠢᠨ ᠦᠶ᠎ᠡ ᠶᠢᠨ ᠣᠯᠳᠠᠪᠤᠷᠢ ᠨᠤᠭᠤᠳ ᠢ ᠠᠪᠬᠤ ᠬᠦᠰᠡᠯᠲᠡ ᠪᠡᠨ ᠢᠯᠡᠷᠬᠡᠶᠢᠯᠡᠪᠡ | News.MN

 ᠡᠷᠮᠢᠲ᠋ᠠᠵ ᠳᠠᠬᠢ  ᠾᠦᠩᠨᠤ ᠶᠢᠨ ᠦᠶ᠎ᠡ ᠶᠢᠨ ᠣᠯᠳᠠᠪᠤᠷᠢ ᠨᠤᠭᠤᠳ ᠢ ᠠᠪᠬᠤ ᠬᠦᠰᠡᠯᠲᠡ ᠪᠡᠨ ᠢᠯᠡᠷᠬᠡᠶᠢᠯᠡᠪᠡ

ᠰᠤᠶᠤᠯ ᠤᠨ ᠰᠠᠶᠢᠳ ᠴ∙ᠨᠣᠮᠢᠨ ᠥᠴᠥᠭᠡᠳᠦᠷ ᠣᠷᠣᠰ  ᠤᠨ ᠰᠢᠨᠵᠢᠯᠡᠬᠦ ᠤᠬᠠᠭᠠᠨ ᠤ ᠪᠣᠯᠤᠨ ᠡᠷᠮᠢᠲ᠋ᠠᠵ ᠮᠦᠽᠧᠢ ᠶᠢᠨ ᠲᠥᠯᠥᠭᠡᠯᠡᠯ ᠦᠳ ᠢ ᠰᠤᠶᠤᠯ ᠤᠨ ᠶᠠᠮᠤᠨ ᠳᠤ ᠬᠦᠯᠢᠶᠡᠨ ᠠᠪᠴᠤ ᠠᠭᠤᠯᠵᠠᠯ᠎ᠠ᠃ ᠲᠡᠳᠡᠭᠡᠷ ᠲᠥᠯᠥᠭᠡᠯᠡᠭᠴᠢᠳ ᠨᠢ ᠮᠣᠩᠭᠣᠯ ᠤᠯᠤᠰ ᠲᠤ ᠵᠣᠬᠢᠶᠠᠨ ᠪᠠᠶᠢᠭᠤᠯᠤᠭᠳᠠᠵᠤ ᠪᠤᠢ《ᠮᠣᠩᠭᠣᠯᠴᠤᠳ ᠤᠨ ᠰᠤᠶᠤᠯ ᠤᠨ ᠥᠪ》ᠡᠷᠳᠡᠮ ᠰᠢᠨᠵᠢᠯᠡᠭᠡᠨ ᠦ ᠣᠯᠠᠨ ᠤᠯᠤᠰ ᠤᠨ ᠬᠤᠷᠠᠯ ᠳᠤ ᠣᠷᠣᠯᠴᠠᠬᠤ ᠪᠠᠷ ᠢᠷᠡᠭᠰᠡᠨ ᠪᠥᠭᠡᠳ ᠣᠷᠣᠰ ᠤᠨ ᠡᠺᠰᠫᠧᠳᠢᠼ ᠦᠨ ᠮᠣᠩᠭᠣᠯ ᠳᠦ ᠬᠢ ᠦᠢᠯᠡ ᠠᠵᠢᠯᠯᠠᠭᠠᠨ ᠤ ᠨᠥᠯᠥᠭᠡ ᠪᠡᠷ ᠣᠷᠣᠰ  ᠤᠷᠤᠭᠤ ᠭᠠᠷᠤᠭᠰᠠᠨ ᠾᠦᠩᠨᠤ  ᠶᠢᠨ ᠦᠶ᠎ᠡ ᠳᠦ ᠬᠠᠮᠢᠶᠠᠷᠬᠤ ᠣᠯᠳᠠᠪᠤᠷᠢ ᠨᠤᠭᠤᠳ ᠲᠠᠢ ᠰᠢᠭᠤᠳ ᠬᠠᠷᠢᠴᠠᠵᠤ᠂ ᠰᠤᠳᠤᠯᠤᠨ ᠰᠢᠨᠵᠢᠯᠡᠳᠡᠭ ᠶᠤᠮ᠃
ᠡᠶᠢᠮᠦ ᠳᠦ᠂ ᠰᠤᠶᠤᠯ ᠤᠨ ᠰᠠᠶᠢᠳ ᠴ∙ᠨᠣᠮᠢᠨ ᠲᠡᠳᠡᠨ ᠢ ᠬᠦᠯᠢᠶᠡᠨ ᠠᠪᠴᠤ ᠠᠭᠤᠯᠵᠠᠭᠠᠳ᠂ ᠮᠣᠩᠭᠣᠯᠴᠤᠳ ᠤᠨ ᠲᠡᠦᠬᠡᠨ ᠳᠦ ᠬᠣᠯᠪᠣᠭᠳᠠᠬᠤ ᠰᠤᠶᠤᠯ ᠤᠨ ᠥᠪ ᠢ ᠰᠤᠳᠤᠯᠵᠤ᠂ ᠡᠷᠳᠡᠮ ᠰᠢᠨᠵᠢᠯᠡᠭᠡᠨ ᠦ ᠡᠷᠭᠢᠯᠲᠡ ᠳᠦ ᠣᠷᠣᠭᠤᠯᠵᠤ ᠪᠤᠢ ᠳᠤ ᠲᠠᠯᠠᠷᠬᠠᠯ ᠢᠯᠡᠷᠬᠡᠶᠢᠯᠡᠭᠡᠳ᠂ ᠮᠣᠩᠭᠣᠯ ᠤᠨ ᠭᠠᠵᠠᠷ ᠨᠤᠲᠤᠭ ᠠᠴᠠ ᠣᠯᠳᠠᠭᠰᠠᠨ ᠥᠪᠡᠷᠰᠡᠳ ᠦᠨ ᠲᠡᠦᠬᠡᠨ ᠳᠦ ᠬᠣᠯᠪᠣᠭᠳᠠᠬᠤ ᠣᠯᠳᠠᠪᠤᠷᠢ᠂ ᠥᠪ ᠦᠳ ᠢ ᠠᠪᠬᠤ ᠬᠦᠰᠡᠯ ᠲᠡᠢ ᠪᠤᠢ  ᠪᠠᠨ ᠢᠯᠡᠷᠬᠡᠶᠢᠯᠡᠯ᠎ᠡ᠃
ᠮᠥᠨ ᠰᠤᠶᠤᠯ ᠤᠨ ᠰᠠᠶᠢᠳ ᠴ ∙ ᠨᠣᠮᠢᠨ ᠣᠷᠣᠰ  ᠤᠨ ᠰᠤᠶᠤᠯ ᠤᠨ ᠰᠠᠶᠢᠳ ᠣ᠊ ∙ ᠪ ∙ ᠯᠶᠤᠶᠢᠪᠢᠮᠣᠸᠠ ᠨᠠᠷ ᠤᠨ ᠪᠠᠶᠢᠭᠤᠯᠤᠭᠰᠠᠨ ᠬᠠᠮᠲᠤᠷᠠᠨ ᠠᠵᠢᠯᠯᠠᠬᠤ ᠬᠥᠲᠥᠯᠪᠦᠷᠢ ᠶᠢᠨ ᠬᠦᠷᠢᠶᠡᠨ ᠳᠦ《ᠴᠢᠩᠭᠢᠰ ᠬᠠᠭᠠᠨ》ᠦᠨᠳᠦᠰᠦᠨ ᠦ ᠮᠦᠽᠧᠢ᠂《ᠡᠷᠮᠢᠲ᠋ᠠᠵ》ᠤᠯᠤᠰ ᠤᠨ ᠮᠦᠽᠧᠢ ᠬᠣᠭᠣᠷᠣᠨᠳᠣ ᠪᠠᠨ ᠰᠢᠭᠤᠳ ᠬᠠᠷᠢᠯᠴᠠᠬᠤ᠂ ᠬᠠᠮᠲᠤᠷᠠᠭᠰᠠᠨ ᠦᠵᠡᠰᠬᠦᠯᠡᠩ ᠵᠣᠬᠢᠶᠠᠨ ᠪᠠᠶᠢᠭᠤᠯᠬᠤ᠂ ᠨᠣᠮ ᠪᠦᠲᠦᠭᠡᠯ ᠲᠤᠭᠤᠷᠪᠢᠬᠤ ᠪᠣᠯᠤᠮᠵᠢ ᠲᠠᠢ ᠪᠣᠯᠤᠭᠰᠠᠨ᠃ ᠲᠡᠶᠢᠮᠦ ᠡᠴᠡ ᠨᠣᠶᠠᠨ ᠠᠭᠤᠯᠠ ᠠᠴᠠ ᠣᠯᠳᠠᠭᠰᠠᠨ ᠾᠦᠩᠨᠤ  ᠶᠢᠨ ᠦᠶ᠎ᠡ ᠶᠢᠨ ᠣᠯᠳᠠᠪᠤᠷᠢ᠂ ᠡᠳ᠋ ᠦᠯᠦᠭ ᠦᠨ ᠵᠦᠢᠯᠡᠰ ᠢ ᠬᠠᠮᠲᠤᠷᠠᠨ ᠰᠤᠳᠤᠯᠬᠤ᠂《ᠡᠷᠮᠢᠲ᠋ᠠᠵ》ᠮᠦᠽᠧᠢ ᠶᠢᠨ ᠰᠠᠩ ᠬᠥᠮᠥᠷᠭᠡ ᠳᠦ ᠪᠠᠶᠢᠯᠭᠠᠬᠤ ᠪᠤᠰᠤ ᠪᠠᠶᠢᠩᠭᠤ ᠶᠢᠨ ᠦᠵᠡᠰᠬᠦᠯᠡᠩ ᠭᠠᠷᠭᠠᠬᠤ᠂ ᠮᠣᠩᠭᠣᠯ ᠤᠯᠤᠰ ᠲᠤ ᠬᠠᠮᠲᠤᠷᠠᠭᠰᠠᠨ ᠦᠵᠡᠰᠬᠦᠯᠡᠩ ᠭᠠᠷᠭᠠᠬᠤ᠂ ᠦᠵᠡᠮᠦᠷᠢ ᠨᠦᠭᠦᠳ ᠢ ᠡᠷᠭᠢᠭᠦᠯᠦᠨ ᠠᠪᠬᠤ ᠵᠡᠷᠭᠡ ᠠᠵᠢᠯ ᠢ ᠬᠢᠵᠦ ᠡᠬᠢᠯᠡᠭᠦᠯᠬᠦ  ᠬᠦᠰᠡᠯᠲᠡ ᠪᠡᠨ ᠢᠯᠡᠷᠬᠡᠶᠢᠯᠡᠯ᠎ᠡ᠃

ᠰᠡᠳᠬᠢᠭᠳᠡᠯ ᠦᠯᠡᠳᠡᠭᠡᠬᠦ