ᠪᠦᠭᠦᠳᠡ ᠨᠠᠶᠢᠷᠠᠮᠳᠠᠬᠤ ᠲᠦᠷᠺ ᠤᠯᠤᠰ ᠲᠤ ᠲᠣᠬᠢᠶᠠᠯᠳᠤᠭᠰᠠᠨ ᠭᠠᠵᠠᠷ ᠬᠥᠳᠡᠯᠦᠯᠲᠡ ᠶᠢᠨ ᠭᠠᠮᠰᠢᠭ ᠤᠨ ᠭᠤᠯᠤᠮᠲᠠ ᠳᠤ ᠡᠭᠦᠷᠭᠡ ᠭᠦᠢᠴᠡᠳᠭᠡᠭᠰᠡᠨ ᠮᠣᠩᠭᠣᠯ ᠤᠨ ᠡᠷᠢᠨ ᠬᠠᠶᠢᠬᠤ᠂ ᠠᠪᠤᠷᠠᠬᠤ ᠪᠠᠭ ᠤᠨ ᠠᠬᠠᠯᠠᠭᠴᠢ᠂ ᠤᠨᠴᠠᠭᠠᠢ ᠪᠠᠢᠳᠠᠯ ᠤᠨ ᠶᠡᠷᠦᠩᠬᠡᠢ ᠭᠠᠵᠠᠷ ᠤᠨ ᠳᠡᠳ᠋ ᠳᠠᠷᠤᠭ᠎ᠠ᠂ ᠪᠠᠷᠢᠭᠠᠳᠠ ᠶᠢᠨ ᠭᠧᠨᠧᠷᠠᠯ ᠪ ∙ ᠤᠤᠭᠠᠨᠪᠠᠶᠠᠷ ᠢ ᠲᠤᠰ ᠤᠯᠤᠰ ᠤᠨ ᠶᠡᠷᠦᠩᠬᠡᠶᠢᠯᠡᠭᠴᠢ ᠶᠢᠨ《ᠬᠦᠮᠦᠯᠢᠭ ᠦᠨ ᠦᠢᠯᠡᠰ ᠦᠨ ᠬᠦᠨᠳᠦᠲᠦ ᠮᠧᠳᠠᠯ》 ᠢᠶᠠᠷ ᠱᠠᠩᠨᠠᠵᠠᠢ᠃ ᠱᠠᠩᠨᠠᠯ ᠢ ᠲᠤᠰ ᠤᠯᠤᠰ ᠤᠨ ᠳᠡᠳ᠋ ᠶᠡᠷᠦᠩᠬᠡᠶᠢᠯᠡᠭᠴᠢ ᠹᠦᠸᠠᠲ ᠤᠺᠲ᠋ᠠᠢᠨ ᠭᠠᠷᠳᠠᠭᠤᠯᠤᠨ ᠥᠭᠭᠦᠭᠰᠡᠨ ᠪᠠᠶᠢᠨ᠎ᠠ᠃
ᠮᠣᠩᠭᠣᠯ ᠤᠯᠤᠰ ᠤᠨ ᠡᠷᠢᠨ ᠬᠠᠶᠢᠬᠤ᠂ ᠠᠪᠤᠷᠠᠬᠤ ᠪᠠᠭ ᠤᠨ ᠬᠢᠨ ᠪᠠᠷᠢᠯᠭ᠎ᠠ ᠶᠢᠨ ᠨᠤᠷᠠᠩᠭᠢ ᠳᠣᠣᠷ᠎ᠠ ᠠᠴᠠ 8 ᠬᠦᠮᠦᠨ ᠢ︵ᠡᠭᠦᠨ ᠡᠴᠡ 2 ᠬᠡᠦᠬᠡᠳ︶ᠡᠰᠡᠨ ᠮᠡᠨᠳᠦ ᠭᠠᠷᠭᠠᠵᠤ᠂ 19 ᠬᠦᠮᠦᠨ︵ᠡᠭᠦᠨ ᠡᠴᠡ 6 ᠬᠡᠦᠬᠡᠳ︶ ᠤ ᠴᠣᠭᠴᠠᠰ ᠢ ᠭᠠᠷᠭᠠᠵᠤ᠂ ᠬᠣᠯᠪᠣᠭᠳᠠᠬᠤ ᠠᠯᠪᠠᠨ ᠤ ᠬᠢᠨ ᠳᠤ ᠬᠦᠯᠢᠶᠡᠯᠭᠡᠨ ᠥᠭᠭᠦᠭᠰᠡᠨ ᠪᠢᠯᠡ᠃