《ᠪᠠᠶᠠᠨ ᠮᠣᠩᠭᠣᠯ》ᠴᠢᠭᠤᠯᠭ᠎ᠠ JAZZAHEAD  ᠤᠨ ᠦᠵᠡᠭᠦᠯᠦᠯᠭᠡ ᠳᠤ ᠣᠷᠣᠯᠴᠠᠨ᠎ᠠ | News.MN

《ᠪᠠᠶᠠᠨ ᠮᠣᠩᠭᠣᠯ》ᠴᠢᠭᠤᠯᠭ᠎ᠠ JAZZAHEAD  ᠤᠨ ᠦᠵᠡᠭᠦᠯᠦᠯᠭᠡ ᠳᠤ ᠣᠷᠣᠯᠴᠠᠨ᠎ᠠ

ᠭᠧᠷᠮᠡᠨ ᠦ ᠪᠷᠧᠮᠧᠨ ᠬᠤᠲᠠ ᠳᠤ ᠵᠣᠬᠢᠶᠠᠨ ᠪᠠᠶᠢᠭᠤᠯᠤᠭᠳᠠᠳᠠᠭ JAZZAHEAD ᠦᠵᠡᠭᠦᠯᠦᠯᠭᠡ  ᠳᠤ ᠤᠯᠤᠰ ᠤᠨ ᠹᠢᠯᠠᠷᠮᠣᠨᠢ ᠶᠢᠨ《ᠪᠠᠶᠠᠨ ᠮᠣᠩᠭᠣᠯ》ᠴᠢᠭᠤᠯᠭ᠎ᠠ ᠶᠢᠨ ᠬᠠᠮᠲᠤ ᠣᠯᠠᠨ ᠣᠷᠣᠯᠴᠠᠬᠤ ᠪᠠᠷ ᠪᠣᠯᠵᠠᠢ᠃

JAZZAHEAD ᠨᠢ ᠣᠯᠠᠨ ᠤᠯᠤᠰ ᠤᠨ ᠵᠠᠽᠽ ᠬᠥᠭᠵᠢᠮ ᠦᠨ ᠹᠧᠰᠲ᠋ᠢᠸᠠᠯ ᠪᠥᠭᠡᠳ ᠳᠡᠯᠡᠬᠡᠢ ᠶᠢᠨ ᠥᠨᠴᠥᠭ ᠪᠤᠯᠤᠩ ᠪᠦᠷᠢ ᠡᠴᠡ ᠤᠷᠠᠨ ᠪᠦᠲᠦᠭᠡᠯᠴᠢᠳ ᠴᠤᠭᠯᠠᠨ 40 ᠭᠠᠷᠤᠢ ᠴᠤᠪᠤᠷᠠᠯ ᠲᠣᠭᠯᠠᠯᠲᠠ᠂ ᠭᠠᠯ ᠺᠣᠨᠼᠧᠷᠲ ᠵᠣᠬᠢᠶᠠᠨ ᠪᠠᠶᠢᠭᠤᠯᠳᠠᠭ ᠳᠡᠯᠡᠬᠡᠢ ᠶᠢᠨ ᠨᠡᠷ᠎ᠡ ᠬᠦᠨᠳᠦᠲᠡᠢ ᠹᠧᠰᠲ᠋ᠢᠸᠠᠯ  ᠤᠳ ᠤᠨ ᠨᠢᠭᠡ ᠶᠤᠮ᠃ ᠡᠨᠡ ᠵᠢᠯ ᠦᠨ ᠹᠧᠰᠲ᠋ᠢᠸᠠᠯ ᠳᠥᠷᠪᠡᠳᠦᠭᠡᠷ ᠰᠠᠷ᠎ᠠ ᠶᠢᠨ 27-30  ᠤ ᠬᠣᠭᠣᠷᠣᠨᠳᠣ ᠵᠣᠬᠢᠶᠠᠨ ᠪᠠᠶᠢᠭᠤᠯᠤᠭᠳᠠᠬᠤ ᠪᠠ《ᠪᠠᠶᠠᠨ ᠮᠣᠩᠭᠣᠯ》 ᠴᠢᠭᠤᠯᠭ᠎ᠠ ᠶᠢᠨ ᠬᠢᠨ ᠤ ᠬᠠᠮᠲᠤ ᠳᠠᠭᠤᠴᠢᠨ ᠨ ∙ ᠨᠠᠷᠠᠨᠪᠠᠭᠠᠲᠤᠷ᠂ ᠫ ∙ᠪᠦᠵᠦᠩ ᠨᠠᠷ ᠣᠷᠣᠯᠴᠠᠨ᠎ᠠ᠃

ᠰᠡᠳᠬᠢᠭᠳᠡᠯ ᠦᠯᠡᠳᠡᠭᠡᠬᠦ