《ᠡᠷᠳᠡᠨᠢᠰ ᠲᠠᠪᠤᠨᠲᠣᠯᠣᠭᠠᠢ》ᠺᠤᠮᠫᠠᠨᠢ ᠳᠦ ᠲᠣᠮᠢᠯᠠᠭᠳᠠᠭᠰᠠᠨ ᠣᠨᠴᠠᠭᠠᠢ ᠪᠦᠷᠢᠨ ᠡᠷᠬᠡᠲᠦ ᠲᠥᠯᠥᠭᠡᠯᠡᠭᠴᠢ ᠵ ∙ ᠭᠠᠩᠪᠠᠲᠤ ᠥᠴᠥᠭᠡᠳᠦᠷ ᠤᠯᠤᠰ ᠤᠨ ᠶᠡᠬᠡ ᠬᠤᠷᠠᠯ ᠤᠨ ᠴᠢᠭᠤᠯᠭᠠᠨ ᠤ ᠨᠢᠭᠡᠳᠦᠭᠰᠡᠨ ᠬᠤᠷᠠᠯᠳᠤᠭᠠᠨ ᠳᠤ ᠣᠷᠣᠯᠴᠠᠭᠰᠠᠨ᠃ ᠡᠨᠡ ᠦᠶ᠎ᠡ ᠪᠡᠷ ᠲᠡᠷᠡ ᠪᠡᠷ᠄ ᠰᠡᠭᠦᠯ ᠦᠨ 12-13 ᠵᠢᠯ ᠠᠭᠤᠷᠬᠠᠢ ᠶᠢᠨ ᠠᠮᠠᠨ ᠤ ᠦᠨ᠎ᠡ ᠪᠡᠷ ᠨᠡᠭᠦᠷᠡᠰᠦ ᠠᠪᠤᠭᠠᠳ ᠰᠤᠷᠴᠢᠬᠠᠭᠰᠠᠨ ᠬᠢᠲᠠᠳ ᠤᠨ ᠬᠤᠳᠠᠯᠳᠤᠨ ᠠᠪᠤᠭᠴᠢᠳ ᠬᠢᠯᠢ ᠶᠢᠨ ᠦᠨ᠎ᠡ ᠪᠡᠷ᠂ ᠪᠢᠷᠵᠢ ᠪᠡᠷ ᠠᠷᠠᠯᠵᠢᠶᠠᠯᠠᠬᠤ ᠨᠥᠬᠥᠴᠡᠯ ᠦᠳ ᠢ ᠵᠥᠪᠰᠢᠶᠡᠷᠡᠬᠦ ᠦᠭᠡᠢ ᠪᠠᠶᠢᠬᠤ ᠲᠣᠬᠢᠶᠠᠯᠳᠤᠯ ᠭᠠᠷᠤᠭᠰᠠᠨ᠃ ᠬᠤᠳᠠᠯᠳᠤᠨ ᠠᠪᠤᠭᠴᠢ ᠲᠠᠯ᠎ᠠ ᠲᠠᠢ ᠶᠠᠷᠢᠶ᠎ᠠ ᠬᠡᠯᠡᠯᠴᠡᠭᠡ ᠶᠢ ᠦᠷᠭᠦᠯᠵᠢᠯᠡᠭᠦᠯᠬᠦ᠂ ᠲᠠᠪᠤᠨᠲᠣᠯᠣᠭᠠᠢ ᠠᠴᠠ ᠴᠠᠭᠠᠨ ᠬᠠᠳᠠ᠂ ᠴᠠᠰᠢ ᠪᠠᠨ ᠤᠯᠤᠰ ᠤᠨ ᠬᠢᠯᠢ ᠬᠦᠷᠲᠡᠯ᠎ᠡ ᠥᠪᠡᠷᠰᠡᠳ ᠢᠶᠡᠨ ᠲᠡᠭᠡᠭᠡᠪᠦᠷᠢᠯᠡᠨ ᠨᠡᠭᠦᠷᠡᠰᠦ ᠪᠡᠨ ᠬᠦᠷᠭᠡᠬᠦ ᠠᠵᠢᠯ ᠢ ᠵᠦᠭᠰᠢᠷᠡᠭᠦᠯᠦᠨ᠎ᠡ᠃
ᠰᠣᠷᠴᠢᠯᠠᠨ ᠣᠯᠪᠤᠷᠢᠯᠠᠬᠤ ᠦᠭᠡᠢ ᠪᠠᠶᠢᠬᠤ᠂ ᠡᠷᠴᠢᠮ ᠬᠦᠴᠦᠨ ᠦ᠂ ᠰᠤᠯᠠ ᠺᠣᠺᠰ ᠲᠠᠢ ᠨᠡᠭᠦᠷᠡᠰᠦ ᠶᠢ ᠪᠠᠶᠠᠵᠢᠭᠤᠯᠵᠤ ᠦᠨ᠎ᠡ ᠨᠡᠮᠡᠬᠦ᠂ ᠣᠯᠪᠤᠷᠢᠯᠠᠭᠰᠠᠨ ᠪᠣᠯᠤᠨ ᠪᠣᠷᠣᠯᠠᠭᠤᠯᠤᠭᠰᠠᠨ ᠨᠡᠭᠦᠷᠡᠰᠦ ᠪᠡᠨ ᠬᠡᠮᠵᠢᠬᠦ᠂ ᠲᠡᠭᠡᠭᠡᠪᠦᠷᠢᠯᠡᠬᠦ ᠶᠠᠪᠤᠴᠠ ᠳᠤ ᠭᠠᠷᠴᠤ ᠪᠤᠢ ᠬᠡᠪ ᠦᠨ ᠬᠣᠷᠣᠭᠳᠠᠯ ᠤᠨ ᠨᠣᠷᠮ᠎ᠠ ᠶᠢ ᠪᠠᠲᠤᠯᠠᠭᠤᠯᠬᠤ᠂ ᠺᠣᠮᠫᠠᠨᠢ ᠶᠢᠨ ᠥᠪᠡᠷ ᠦᠨ ᠦᠢᠯᠡ ᠠᠵᠢᠯᠯᠠᠭᠠᠨ ᠳᠤ ᠬᠠᠮᠢᠶᠠᠷᠤᠯ ᠲᠠᠢ᠂ ᠬᠠᠮᠢᠶᠠᠷᠤᠯ ᠦᠭᠡᠢ 11 ᠲᠥᠰᠥᠯ ᠢ ᠰᠠᠩᠬᠦᠵᠢᠭᠦᠯᠬᠦ ᠡᠭᠦᠷᠭᠡ ᠬᠦᠯᠢᠶᠡᠭᠰᠡᠨ ᠪᠠᠶᠢᠭᠰᠠᠨ ᠢ ᠡᠷᠡᠮᠪᠡᠯᠡᠨᠡ᠃ ᠡᠬᠢᠨ ᠦ ᠡᠭᠡᠯᠵᠢ ᠳᠦ ᠦᠢᠯᠡ ᠠᠵᠢᠯᠯᠠᠭᠠᠨ ᠳᠤ ᠪᠠᠨ ᠰᠢᠭᠤᠳ ᠬᠠᠮᠢᠶᠠᠷᠤᠯ ᠲᠠᠢ ᠲᠥᠰᠥᠯ ᠦᠳ ᠢ ᠰᠠᠩᠬᠦᠦᠵᠢᠭᠦᠯᠬᠦ᠂ ᠲᠠᠪᠤᠨᠲᠣᠯᠣᠭᠠᠢ-ᠭᠠᠰᠢᠭᠤᠨ ᠰᠤᠬᠠᠢᠲᠤ ᠶᠢᠨ ᠲᠡᠮᠦᠷ ᠵᠠᠮ ᠤᠨ ᠬᠢᠲᠠᠳ ᠤᠨ ᠲᠡᠮᠦᠷ ᠵᠠᠮ ᠲᠠᠢ ᠬᠤᠯᠪᠤᠬᠤ ᠭᠡᠬᠦ ᠮᠡᠲᠦ ᠣᠯᠠᠨ ᠠᠰᠠᠭᠤᠳᠠᠯ ᠬᠦᠯᠢᠶᠡᠵᠦ ᠪᠠᠶᠢᠨ᠎ᠠ ᠭᠡᠪᠡ᠃