ᠲᠥᠷᠥ ᠶᠢᠨ ᠣᠷᠳᠣᠨ ᠳᠤ ᠲᠡᠷᠭᠡᠨᠴᠢᠷ ᠲᠡᠢ ᠢᠷᠭᠡᠳ ᠢ ᠲᠡᠭᠡᠭᠡᠪᠦᠷᠢᠯᠡᠬᠦ ᠳᠦ ᠵᠣᠷᠢᠭᠤᠯᠤᠭᠰᠠᠨ ᠡᠷᠭᠦᠬᠦ ᠲᠠᠪᠴᠠᠩ ᠪᠦᠬᠦᠢ ᠠᠦ᠋ᠲ᠋ᠣᠮᠠᠲ ᠱᠠᠲᠤ ᠰᠠᠭᠤᠷᠢᠯᠠᠭᠤᠯᠵᠠᠢ᠃ ᠲᠡᠷᠭᠡᠨᠴᠢᠷ ᠲᠡᠢ ᠢᠷᠭᠡᠳ ᠪᠠᠷᠢᠯᠭ᠎ᠠ ᠶᠢᠨ ᠶᠡᠷᠦᠳᠡ ᠶᠢᠨ ᠴᠠᠬᠢᠯᠭᠠᠨ ᠱᠠᠲᠤ ᠪᠠᠷ ᠬᠡᠳᠦᠨ ᠳᠠᠪᠬᠤᠷ ᠲᠤ ᠴᠤ ᠭᠠᠷᠴᠤ ᠪᠣᠯᠤᠨ᠎ᠠ᠃ ᠬᠠᠷᠢᠨ ᠶᠠᠪᠠᠭᠠᠨ ᠬᠦᠮᠦᠨ ᠳᠦ ᠵᠣᠷᠢᠭᠤᠯᠤᠭᠰᠠᠨ ᠱᠠᠲᠤ ᠪᠠᠷ ᠭᠠᠷᠬᠤ ᠳᠤ ᠵᠠᠪᠠᠯ ᠬᠦᠮᠦᠨ ᠦ ᠲᠤᠰᠠᠯᠠᠮᠵᠢ ᠬᠡᠷᠡᠭ ᠲᠡᠢ ᠪᠣᠯᠳᠠᠭ ᠢ ᠪᠢᠳᠡ ᠮᠡᠳᠡᠨ᠎ᠡ᠃
ᠤᠳᠤ ᠲᠥᠷᠥ ᠶᠢᠨ ᠣᠷᠳᠣᠨ ᠤᠷᠤᠭᠤ ᠨᠡᠪᠲᠡᠷᠡᠭᠰᠡᠨ ᠬᠥᠭᠵᠢᠯ ᠦᠨ ᠪᠡᠷᠬᠡᠰᠢᠶᠡᠯ ᠲᠡᠢ ᠢᠷᠭᠡᠳ ᠲᠦ ᠡᠶᠢᠮᠦ ᠪᠡᠷᠬᠡᠰᠢᠶᠡᠯ ᠦᠭᠡᠢ ᠪᠣᠯᠵᠠᠢ᠃ ᠲᠡᠳᠡ ᠶᠠᠪᠠᠭᠠᠨ ᠱᠠᠲᠤᠨ ᠤ ᠳᠡᠷᠭᠡᠳᠡ ᠪᠠᠶᠢᠷᠢᠯᠠᠭᠤᠯᠤᠭᠰᠠᠨ ᠥᠷᠭᠡᠨ ᠲᠠᠪᠴᠠᠩ ᠪᠦᠬᠦᠢ ᠠᠦ᠋ᠲ᠋ᠣᠮᠠᠲ ᠱᠠᠲᠤᠨ ᠳᠡᠭᠡᠷ᠎ᠡ ᠭᠠᠷᠴᠤ ᠲᠣᠪᠴᠢᠯᠠᠭᠤᠷ ᠳᠠᠷᠤᠨ᠂ ᠰᠠᠷᠠᠯ ᠣᠷᠳᠣᠨ ᠤ ᠬᠣᠩᠭᠢᠯ ᠳᠤ ᠭᠠᠷᠤᠭᠠᠳ ᠢᠷᠡᠬᠦ ᠪᠣᠯᠤᠮᠵᠢ ᠲᠠᠢ ᠪᠣᠯᠵᠠᠢ᠃ ᠠᠦ᠋ᠲ᠋ᠣᠮᠠᠲ ᠱᠠᠲᠤ ᠶᠢ ᠵᠦᠴᠦᠭᠡᠴᠢᠨ ᠵ ∙ ᠪᠠᠶᠠᠰᠬᠤᠯᠠᠩ ᠲᠤᠷᠰᠢᠵᠤ ᠦᠵᠡᠭᠰᠡᠨ ᠪᠠᠶᠢᠨ᠎ᠠ᠃ ᠲᠡᠷᠡᠪᠡᠷ᠄ ᠲᠥᠷᠥ ᠶᠢᠨ ᠣᠷᠳᠣᠨ ᠤ ᠲᠡᠷᠭᠡᠨᠴᠢᠷ ᠲᠡᠢ ᠬᠦᠮᠦᠨ ᠦ ᠠᠦ᠋ᠲ᠋ᠣᠮᠠᠲ ᠱᠠᠲᠤ ᠠᠵᠢᠯᠯᠠᠵᠤ ᠡᠬᠢᠯᠡᠯ᠎ᠡ᠃ ᠣᠳᠣ ᠡᠮᠨᠡᠯᠭᠡ ᠣᠯᠠᠨ ᠨᠡᠶᠢᠲᠡ ᠶᠢᠨ ᠪᠠᠶᠢᠭᠤᠯᠤᠯᠭ᠎ᠠ ᠨᠤᠭᠤᠳ ᠬᠢᠭᠡᠳ ᠡᠬᠢᠯᠡᠭᠡᠰᠡᠢ》 ᠬᠡᠮᠡᠨ ᠴᠠᠬᠢᠮ ᠬᠠᠭᠤᠳᠠᠰᠤᠨ ᠳᠤ ᠪᠠᠨ ᠪᠢᠴᠢᠭᠰᠡᠨ ᠪᠠᠶᠢᠪᠠ᠃