ᠠᠽᠧᠷᠪᠠᠶᠢᠵᠠᠨ ᠤᠯᠤᠰ ᠤᠨ ᠸᠣᠯᠧᠢᠪᠣᠯ ᠤᠨ ᠳᠡᠭᠡᠳᠦ ᠯᠢᠭ ᠲᠦ ᠯᠧᠭᠢᠣᠨᠧᠷ ᠲᠠᠮᠢᠷᠴᠢᠨ ᠢᠶᠠᠷ ᠲᠣᠭᠯᠠᠬᠤ ᠪᠠᠷ《ᠡᠮᠦᠨᠡᠭᠣᠪᠢ ᠱᠠᠩᠬᠤ ᠲᠷᠠᠨᠰ》 ᠪᠠᠭ ᠤᠨ ᠠᠬᠠᠯᠠᠭᠴᠢ ᠠᠰᠠᠨ ᠪ ∙ ᠪᠠᠲᠤᠰᠠᠭᠤᠷᠢ᠂ 《ᠪᠠᠶᠠᠨᠬᠣᠩᠭᠣᠷ ᠺᠤᠷᠤᠨᠳ᠋ ᠭᠧᠤ᠋》 ᠪᠠᠭ ᠤᠨ ᠲᠠᠮᠢᠷᠴᠢᠨ ᠣ᠊ ∙ ᠴᠣᠶᠢᠵᠢᠯᠰᠦ᠋ᠷᠦᠩ ᠨᠢᠭᠡᠳᠦᠭᠡᠷ ᠰᠠᠷ᠎ᠠ ᠳᠤ ᠲᠤᠰ ᠤᠯᠤᠰ ᠢ ᠵᠣᠷᠢᠭᠰᠠᠨ ᠪᠢᠯᠡ᠃
ᠠᠽᠧᠷᠪᠠᠶᠢᠵᠠᠨ ᠤᠯᠤᠰ ᠤᠨ ᠸᠣᠯᠧᠢᠪᠣᠯ ᠤᠨ ᠳᠡᠭᠡᠳᠦ ᠯᠢᠭ ᠳᠦᠷᠪᠡᠳᠦᠭᠡᠷ ᠰᠠᠷ᠎ᠠ ᠶᠢᠨ 20 ᠳᠦ ᠥᠨᠳᠥᠷᠯᠡᠵᠦ᠂ ᠲᠡᠮᠡᠴᠡᠭᠡᠨ ᠦ ᠬᠠᠭᠠᠯᠲᠠ ᠶᠢᠨ ᠦᠢᠯᠡ ᠠᠵᠢᠯᠯᠠᠭ᠎ᠠ ᠶᠣᠰᠣᠯᠠᠯ ᠲᠡᠭᠦᠯᠳᠡᠷ ᠪᠣᠯᠤᠯ᠎ᠠ᠃《Xarı bülbül》 ᠺᠯᠦ᠋ᠫ ᠲᠤ ᠯᠧᠭᠢᠣᠨᠧᠷ ᠲᠠᠮᠢᠷᠴᠢᠨ ᠢᠶᠠᠷ ᠤᠷᠢᠭᠳᠠᠨ ᠲᠤᠭᠯᠠᠭᠰᠠᠨ ᠬᠣᠶᠠᠷ ᠲᠠᠮᠢᠷᠴᠢᠨ ᠮᠠᠨᠢ ᠠᠯᠲᠠᠨ ᠮᠧᠳᠠᠯ ᠤᠨ ᠲᠥᠯᠦᠭᠡ《Murov》ᠺᠯᠦ᠋ᠫ ᠤᠨ ᠡᠰᠡᠷᠭᠦ ᠲᠤᠭᠯᠠᠵᠤ ᠬᠣᠵᠢᠭᠳᠠᠭᠰᠠᠨ ᠪᠠᠶᠢᠨ᠎ᠠ᠃ ᠢᠩᠭᠢᠭᠡᠳ ᠪ ∙ ᠪᠠᠲᠤᠰᠠᠭᠤᠷᠢ᠂ ᠣ᠊ ∙ ᠴᠣᠶᠢᠵᠢᠯᠰᠦ᠋ᠷᠦᠩ ᠮᠥᠩᠭᠥᠨ ᠮᠧᠳᠠᠯ ᠬᠦᠷᠲᠡᠵᠡᠢ᠃