ᠲᠥᠷᠦ ᠶᠢᠨ ᠣᠷᠳᠣᠨ ᠤ ᠬᠠᠰᠢᠶᠠᠨ ᠤ ᠵᠡᠭᠦᠨ ᠲᠠᠯ᠎ᠠ ᠶᠢᠨ ᠵᠠᠰᠠᠪᠤᠷᠢ ᠳᠠᠭᠤᠰᠴᠤ᠂ ᠡᠨᠡ ᠠᠮᠠᠷᠠᠯᠲᠠ ᠶᠢᠨ ᠡᠳᠦᠷ ᠨᠡᠭᠡᠭᠡᠭᠰᠡᠨ ᠢᠶᠡᠷ ᠶᠠᠪᠠᠭᠠᠨ ᠬᠦᠮᠦᠨ ᠦ ᠵᠠᠮ ᠢ ᠪᠥᠷᠢᠨ ᠴᠢᠯᠦᠭᠡᠯᠡᠵᠡᠢ᠃ ᠵᠠᠰᠠᠪᠤᠷᠢ ᠶᠢᠨ ᠠᠵᠢᠯ ᠭᠤᠷᠪᠠᠳᠤᠭᠠᠷ ᠰᠠᠷ᠎ᠠ ᠶᠢᠨ ᠰᠡᠭᠦᠯᠴᠢ ᠪᠡᠷ ᠡᠬᠢᠯᠡᠭᠰᠡᠨ ᠪᠥᠭᠡᠳ ᠶᠠᠪᠠᠭᠠᠨ ᠵᠠᠮ ᠢ ᠬᠠᠭᠠᠵᠤ ᠬᠠᠰᠢᠶᠠᠯᠠᠭᠰᠠᠨ ᠨᠢ ᠢᠷᠭᠡᠳ ᠦᠨ ᠰᠢᠭᠦᠮᠵᠢᠯᠡᠯ ᠳᠠᠭᠠᠭᠤᠯᠵᠤ ᠪᠠᠶᠢᠪᠠ᠃
ᠥᠨᠳᠦᠷ ᠰᠠᠷᠠᠯ ᠲᠡᠮᠦᠷ ᠬᠠᠨᠠᠨ ᠤ ᠴᠠᠭᠠᠨ᠎ᠠ ᠵᠠᠰᠠᠪᠤᠷᠢ ᠶᠢᠨ ᠠᠵᠢᠯ ᠥᠷᠨᠢᠵᠦ᠂ ᠲᠡᠮᠦᠷ ᠬᠠᠰᠢᠶᠠᠨ ᠤ ᠵᠠᠷᠢᠮ ᠬᠡᠰᠡᠭ ᠢ ᠪᠧᠲ᠋ᠤᠨ ᠴᠢᠳᠬᠤᠮᠠᠯ ᠪᠣᠯᠭᠠᠨ ᠦᠭᠡᠷᠡᠴᠢᠯᠡᠵᠦ᠂ ᠰᠠᠷᠠᠯ ᠣᠷᠳᠣᠨ ᠠᠴᠠ ᠲᠡᠰᠦ ᠥᠭᠡᠷ᠎ᠡ ᠲᠣᠳᠣ ᠥᠩᠭᠡ ᠪᠡᠷ ᠪᠤᠳᠤᠭᠰᠠᠨ ᠬᠠᠷᠠᠭᠳᠠᠨ᠎ᠠ᠃ ᠡᠨᠡ ᠪᠣᠯ ᠲᠥᠷᠦ ᠶᠢᠨ ᠣᠷᠳᠣᠨ ᠤ ᠬᠠᠰᠢᠶᠠᠨ ᠤ ᠵᠡᠭᠦᠨ ᠵᠢᠭᠦᠷ ᠲᠦ ᠬᠢᠭᠰᠡᠨ ᠠᠵᠢᠯ ᠪᠥᠭᠡᠳ ᠬᠤᠢᠳᠤ ᠪᠣᠯᠤᠨ ᠪᠠᠷᠠᠭᠤᠨ ᠵᠢᠭᠦᠷ ᠢ ᠮᠥᠨ ᠬᠡᠰᠡᠭᠴᠢᠯᠡᠨ ᠬᠠᠭᠠᠵᠤ᠂ ᠡᠶᠢᠨ ᠵᠠᠰᠠᠪᠤᠷᠢᠯᠠᠬᠤ ᠨᠢ ᠲᠣᠳᠣᠷᠬᠠᠢ ᠪᠣᠯᠵᠤ ᠪᠠᠶᠢᠨ᠎ᠠ᠃ ᠶᠠᠭᠠᠬᠢᠭᠠᠳ ᠡᠶᠢᠮᠦ ᠵᠠᠭᠪᠤᠷ᠂ ᠲᠣᠳᠣ ᠥᠩᠭᠡᠨ ᠦ ᠰᠢᠢᠳᠦᠯ ᠭᠠᠷᠭᠠᠭᠰᠠᠨ ᠲᠠᠯ᠎ᠠ ᠪᠠᠷ ᠵᠠᠰᠠᠪᠤᠷᠢ ᠶᠢᠨ ᠠᠵᠢᠯ ᠢ ᠬᠠᠷᠢᠭᠤᠴᠠᠭᠰᠠᠨ ᠲᠥᠷᠦ ᠵᠠᠰᠠᠭ ᠤᠨ ᠦᠢᠯᠡᠴᠢᠯᠡᠭᠡ ᠡᠷᠬᠢᠯᠡᠬᠦ ᠭᠠᠵᠠᠷ ᠠᠴᠠ ᠲᠠᠶᠢᠯᠪᠤᠷᠢ ᠠᠪᠴᠤ ᠲᠠ ᠪᠦᠭᠦᠳᠡ ᠳᠦ ᠬᠦᠷᠭᠡᠬᠦ ᠪᠣᠯᠤᠨ᠎ᠠ᠃