ᠰᠤᠷᠤᠭᠴᠢᠳ ᠤᠷᠠᠨ ᠪᠢᠴᠢᠪᠦᠷᠢ ᠶᠢᠨ ᠦᠵᠡᠰᠬᠦᠯᠡᠩ ᠳᠡᠯᠭᠡᠯ᠎ᠡ | News.MN

ᠰᠤᠷᠤᠭᠴᠢᠳ ᠤᠷᠠᠨ ᠪᠢᠴᠢᠪᠦᠷᠢ ᠶᠢᠨ ᠦᠵᠡᠰᠬᠦᠯᠡᠩ ᠳᠡᠯᠭᠡᠯ᠎ᠡ

︽ᠦᠨᠳᠦᠰᠦᠨ ᠦ ᠪᠢᠴᠢᠭ ᠦᠰᠦᠭ ᠦᠨ ᠪᠠᠶᠠᠷ》  ᠢ ᠤᠭᠲᠤᠵᠤ᠂ ᠭᠤᠪᠢ ᠠᠯᠲᠠᠢ ᠠᠢᠮᠠᠭ ᠤᠨ ᠶᠢᠰᠦᠨᠪᠤᠯᠠᠭ ᠰᠤᠮᠤ ᠶᠢᠨ ᠨᠢᠭᠡᠳᠦᠭᠡᠷ ᠰᠤᠷᠭᠠᠭᠤᠯᠢ ᠶᠢᠨ ᠳ ∙ ᠫᠦᠷᠪᠦᠰᠦ᠋ᠷᠦᠩ ᠪᠠᠭᠰᠢ ᠲᠠᠢ 7 ᠠ ᠠᠩᠬᠢ ᠶᠢᠨ ᠰᠤᠷᠤᠭᠴᠢᠳ ᠮᠣᠩᠭᠣᠯ ᠪᠢᠴᠢᠭ ᠦᠨ ᠤᠷᠠᠨ ᠪᠢᠴᠢᠪᠦᠷᠢ ᠶᠢᠨ 《ᠦᠨᠳᠦᠰᠦᠨ ᠦ ᠪᠢᠴᠢᠭ ᠢᠶᠡᠨ ᠥᠪᠯᠡᠨ ᠪᠠᠬᠠᠷᠬᠠᠶ᠎ᠠ᠂ ᠦᠯᠢᠭᠡᠷ ᠵᠢᠱᠢᠶ᠎ᠡ ᠮᠠᠩᠯᠠᠶᠢᠯᠠᠨ ᠰᠤᠷᠤᠯᠴᠠᠶ᠎ᠠ》ᠰᠡᠳᠦᠪᠲᠦ ᠦᠵᠡᠰᠬᠦᠯᠡᠩ ᠵᠣᠬᠢᠶᠠᠨ ᠪᠠᠶᠢᠭᠤᠯᠤᠯ᠎ᠠ᠃ ᠤᠭ ᠦᠵᠡᠰᠬᠦᠯᠡᠩ ᠳᠦ 7 ᠠ ᠠᠩᠬᠢ ᠶᠢᠨ ᠰᠤᠷᠤᠭᠴᠢᠳ ᠤᠨ ᠬᠢᠴᠢᠶᠡᠩᠭᠦᠢ ᠰᠠᠶᠢᠬᠠᠨ ᠪᠢᠴᠢᠭ᠂ ᠭᠠᠷ ᠪᠢᠴᠢᠮᠡᠯ᠂ ᠤᠷᠠᠨ ᠪᠢᠴᠢᠪᠦᠷᠢ  ᠶᠢᠨ ᠨᠡᠶᠢᠲᠡ 150 ᠪᠦᠲᠦᠭᠡᠯ ᠢ ᠳᠡᠯᠭᠡᠭᠰᠡᠨ ᠪᠥᠭᠡᠳ ᠲᠤᠰ ᠠᠩᠬᠢ ᠶᠢᠨ ᠡᠴᠢᠭᠡ ᠡᠬᠡ ᠶᠢᠨ ᠵᠥᠪᠯᠡᠯ ᠬᠠᠮᠲᠤᠷᠠᠨ ᠵᠣᠬᠢᠶᠠᠨ ᠪᠠᠶᠢᠭᠤᠯᠵᠤ 2200 ᠣᠷᠴᠢᠮ ᠬᠦᠮᠦᠨ ᠦᠵᠡᠵᠦ ᠰᠣᠨᠢᠷᠬᠠᠯ᠎ᠠ᠃
ᠠᠶᠢᠮᠠᠭ ᠤᠨ ᠰᠤᠶᠤᠯ ᠤᠷᠠᠯᠢᠭ ᠤᠨ ᠭᠠᠵᠠᠷ᠂ ᠨᠡᠶᠢᠲᠡ ᠶᠢᠨ ᠨᠣᠮ ᠤᠨ ᠰᠠᠩ ᠠᠴᠠ ᠬᠠᠮᠲᠤᠷᠠᠨ ᠦᠨᠳᠦᠰᠦᠨ ᠦ ᠥᠪ ᠰᠤᠶᠤᠯ ᠢᠶᠠᠨ ᠥᠪᠯᠡᠨ ᠤᠯᠠᠮᠵᠢᠯᠠᠵᠤ ᠲᠦᠭᠡᠭᠡᠨ ᠳᠡᠯᠭᠡᠷᠡᠭᠦᠯᠵᠦ ᠪᠠᠶᠢᠭ᠎ᠠ ᠪᠠᠭᠰᠢ ᠳ ∙ ᠫᠦᠷᠪᠦᠰᠦ᠋ᠷᠦᠩ᠂ ᠨᠠᠰᠤᠨ ᠲᠤᠷᠰᠢ ᠶᠢᠨ ᠪᠣᠯᠪᠠᠰᠤᠷᠠᠯ ᠤᠨ ᠰᠤᠷᠭᠠᠯᠲᠠ ᠶᠢᠨ ᠮᠧᠨᠧᠵᠧᠷ ᠷ ∙ ᠡᠩᠬᠡᠴᠣᠯᠮᠣᠨ᠂ 7 ᠠ ᠠᠩᠬᠢ ᠶᠢᠨ ᠰᠤᠷᠤᠭᠴᠢ ᠪ ∙ ᠶᠢᠰᠦᠭᠡᠨ᠂ ᠠ᠊ ∙ᠮᠥᠩᠭᠥᠨᠰᠢᠭᠦᠳᠡᠷᠢ᠂ ᠮ∙ᠠᠵᠠᠵᠠᠶᠠᠭ᠎ᠠ ᠨᠠᠷ ᠢ ᠪᠢᠴᠢᠭ ᠦᠨ ᠬᠡᠷᠡᠭᠰᠡᠯ᠂ ᠪᠢᠷ᠂ ᠪᠡᠬᠡ᠂  ᠶᠠᠨᠲ᠋ᠠᠢ ᠵᠡᠷᠭᠡ ᠳᠤᠷᠠᠰᠬᠠᠯ ᠤᠨ ᠵᠦᠢᠯ ᠢᠶᠡᠷ ᠱᠠᠩᠨᠠᠵᠤ ᠤᠷᠮᠠᠰᠢᠭᠤᠯᠤᠭᠰᠠᠨ ᠲᠤᠬᠠᠢ ᠭᠣᠪᠢ-ᠠᠯᠲᠠᠢ ᠠᠶᠢᠮᠠᠭ ᠤᠨ ᠰᠤᠶᠤᠯ᠂ ᠤᠷᠠᠯᠢᠭ ᠤᠨ ᠭᠠᠵᠠᠷ ᠠᠴᠠ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ